蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ᠄ ᠠᠮᠠᠷᠠᠯᠲᠠ ᠶᠢᠨ ᠭᠤᠷᠪᠠᠨ ᠡᠲᠦᠷ  ᠰᠠᠯᠬᠢᠨ ᠳ᠋ᠤ ᠭᠠᠷᠬᠤ ᠳ᠋ᠤ ᠨᠡᠯᠢᠶᠡᠳ ᠲᠤᠬᠢᠷᠠᠮᠵᠢᠲᠠᠢ

2017-04-28 10:49

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 4 ᠰᠠᠷ᠎ᠠ ᠶᠢᠨ 28 ᠤ ᠡᠲᠦᠷ ᠤᠨ ᠴᠠᠬᠢᠯᠭᠠᠨ ᠮᠡᠲᠡᠭᠡ (ᠬ • ᠦᠵᠡᠰᠭᠦᠯᠡᠩ ) ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠴᠠᠭ ᠠᠭᠤᠷ ᠤᠨ ᠬᠤᠷᠢᠶ᠎ᠠ ᠠᠮᠠᠷᠠᠯᠲᠠ ᠶᠢᠨ ᠭᠤᠷᠪᠠᠨ ᠡᠲᠦᠷ ᠲᠤ ᠦᠪᠦᠷ ᠮᠤᠩᠭ᠋ᠤᠯ ᠤᠨ ᠶᠡᠬᠡᠩᠬᠢ ᠪᠦᠰᠡ ᠨᠤᠲᠤᠭ ᠶᠢᠡᠷ ᠡᠭᠦᠯᠡᠷᠬᠡᠭ᠌᠂ ᠲᠤᠮᠲᠠ ᠵᠡᠬᠦᠨ ᠪᠦᠰᠡ ᠪᠡᠷ ᠰᠠᠯᠬᠢᠨ ᠤ ᠬᠦᠴᠦ ᠶᠡᠬᠡ ᠭᠡᠵᠦ ᠤᠷᠢᠳᠴᠢᠯᠠᠨ ᠲᠤᠭᠠᠴᠠᠭᠠᠯᠠᠪᠠ᠃

    4 ᠰᠠᠷ᠎ᠠ ᠶᠢᠨ 29 ᠤ ᠡᠲᠦᠷ᠂ ᠦᠪᠦᠷ ᠮᠤᠩᠭ᠋ᠤᠯ ᠤᠨ ᠪᠠᠷᠠᠭᠤᠨ ᠪᠦᠰᠡ᠂ ᠵᠡᠬᠦᠨ ᠬᠤᠢᠢᠲᠤ ᠪᠦᠰᠡ  ᠳᠦ ᠡᠬᠦᠯᠡ ᠲᠠᠢ᠃ ᠬᠦᠯᠦᠨ ᠪᠤᠢᠢᠷ ᠤᠨ ᠵᠡᠬᠦᠨ ᠬᠤᠢᠢᠲᠤ ᠪᠦᠰᠡ  ᠳᠦ ᠪᠠᠭ᠎ᠠ ᠪᠤᠷᠤᠭᠠᠨ ᠪᠤᠶᠤ ᠪᠤᠷᠤᠭᠠᠨ ᠴᠠᠰᠤ ᠬᠤᠯᠢᠯᠲᠤᠨ ᠤᠷᠤᠨ᠎ᠠ᠃ ᠵᠡᠬᠦᠨ ᠪᠦᠰᠡ  ᠳᠦ ᠪᠠᠷᠠᠭᠤᠨ ᠬᠤᠢᠢᠨ᠎ᠠ ᠡᠴᠡ 4 – 5 ᠲᠡᠰ ᠢᠶᠡᠷ ᠰᠠᠯᠬᠢᠯᠠᠵᠤ ᠪᠠᠢᠢᠬᠰᠠᠨ  ᠶᠢᠡᠨ ᠲᠦᠷ ᠵᠠᠭᠤᠷ᠎ᠠ 6 ᠲᠡᠰ ᠲᠤ ᠬᠦᠷᠦᠨ᠎ᠡ᠃ ᠵᠡᠬᠦᠨ ᠪᠦᠰᠡ  ᠶᠢᠨ ᠠᠭᠠᠷ ᠤᠨ ᠲᠤᠯᠠᠭᠠᠨ 6 ᠭ᠍ᠷᠠᠳᠦ᠋ᠰ ᠤᠷᠴᠢᠮ ᠪᠠᠭᠤᠷᠠᠨ᠎ᠠ᠃

    4 ᠰᠠᠷ᠎ᠠ ᠶᠢᠨ 30 ᠤ ᠡᠲᠦᠷ᠂ ᠦᠪᠦᠷ ᠮᠤᠩᠭ᠋ᠤᠯ ᠤᠨ ᠲᠤᠮᠲᠠ ᠪᠠᠷᠠᠭᠤᠨ ᠪᠦᠰᠡ  ᠳᠦ ᠲᠤᠩᠭ᠋ᠠᠯᠠᠭᠰᠢᠨ᠎ᠡ᠂ ᠪᠤᠰᠤᠳ ᠪᠦᠰᠡ ᠨᠤᠲᠤᠭ  ᠢᠶᠡᠷ ᠡᠭᠦᠯᠡᠰᠢᠨ᠎ᠡ᠃ ᠵᠡᠬᠦᠨ ᠪᠦᠰᠡ ᠪᠡᠷ ᠪᠠᠷᠠᠭᠤᠨ ᠬᠤᠢᠢᠨ᠎ᠠ ᠡᠴᠡ 4 ᠲᠡᠰ ᠤᠨ ᠰᠠᠯᠬᠢ ᠲᠠᠢ᠃ 5 ᠰᠠᠷ᠎ᠠ ᠶᠢᠨ 1 ᠤ ᠡᠲᠦᠷ᠂ ᠦᠪᠦᠷ ᠮᠤᠩᠭ᠋ᠤᠯ ᠤᠨ ᠲᠤᠮᠲᠠ ᠪᠠᠷᠠᠭᠤᠨ ᠪᠦᠰᠡ  ᠳᠦ ᠲᠤᠩᠭ᠋ᠠᠯᠠᠭᠰᠢᠨ᠎ᠡ᠂ ᠤᠷᠲᠤᠰ ᠤᠨ ᠡᠮᠦᠨ᠎ᠡ ᠪᠦᠰᠡ  ᠳᠦ ᠪᠠᠭ᠎ᠠ ᠪᠤᠷᠤᠭᠠᠨ ᠤᠷᠤᠨ᠎ᠠ᠂ ᠪᠤᠰᠤᠳ ᠪᠦᠰᠡ ᠨᠤᠲᠤᠭ ᠲᠤ ᠡᠭᠦᠯᠡᠰᠢᠨ᠎ᠡ᠃ ᠲᠤᠮᠲᠠ ᠵᠡᠬᠦᠨ ᠪᠦᠰᠡ  ᠶᠢᠨ ᠬᠤᠢᠢᠭᠤᠷ ᠪᠠᠷᠠᠭᠤᠨ ᠡᠴᠡ 4 – 5 ᠲᠡᠰ ᠤᠨ ᠰᠠᠯᠬᠢ ᠲᠠᠢ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120701120890014