蒙古文网站Logo
ᠰᠢᠨᠬᠤᠸᠠ ᠮᠤᠩᠭ᠋ᠤᠯ ᠨᠧᠲ

ᠮᠠᠨ ᠤ ᠤᠯᠤᠰ ᠤᠨ ᠤᠮᠠᠷᠠᠳᠤ ᠪᠦᠰᠡ ᠨᠤᠳᠤᠭ ᠤᠨ ᠴᠠᠭ ᠠᠭᠠᠷ ᠮᠠᠰᠢ ᠬᠠᠯᠠᠭᠤᠨ ᠪᠤᠯᠵᠤ ᠪᠤᠢ

2017-05-18 09:53

    ᠰᠢᠨᠬᠤᠧᠠ ᠬᠤᠷᠢᠶ᠎ᠠ   ᠪᠡᠭᠡᠵᠢᠩ ᠤᠨ 5 ᠰᠠᠷ᠎ᠠ ᠶᠢᠨ 17 ᠤ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠭᠴᠢ ᠾᠧᠦ ᠰᠢᠤᠧᠠᠢ ᠵᠢᠩ ) 17 ᠤ ᠡᠳᠦᠷ ᠡᠴᠡ 19 ᠤ ᠡᠳᠦᠷ ᠪᠤᠯᠲᠠᠯ᠎ᠠ ᠤᠮᠠᠷᠠᠲᠤ ᠪᠦᠰᠡ ᠨᠤᠳᠤᠭ ᠲᠤ ᠶᠡᠬᠡ ᠬᠡᠮᠵᠢᠶᠡᠨ ᠤ ᠦᠨᠳᠦᠷ ᠳᠤᠯᠠᠭᠠᠨ ᠤ ᠴᠠᠭ ᠠᠭᠠᠷ ᠢᠯᠡᠷᠡᠵᠦ᠂ 8 ᠮᠤᠵᠢ ᠤᠷᠤᠨ(ᠲᠤᠭᠤᠷᠢᠭ᠂ ᠬᠤᠲᠠ) ᠢ ᠬᠠᠮᠤᠷᠬᠤ ᠪᠤᠯᠤᠨ᠎ᠠ᠃ ᠡᠭᠦᠨ ᠳᠦ 18 ᠤ ᠡᠳᠦᠷ ᠤᠨ ᠨᠦᠯᠦᠭᠡᠯᠡᠬᠦ ᠬᠦᠷᠢᠶ᠎ᠡ ᠬᠡᠪᠴᠢᠶ᠎ᠡ ᠪᠠ ᠡᠷᠴᠢ ᠨᠢ ᠬᠠᠮᠤᠭ ᠤᠨ ᠦᠨᠳᠦᠷ᠂ 19 ᠤ ᠡᠳᠦᠷ ᠤᠮᠠᠷᠠᠳᠤ ᠶᠢᠨ ᠳᠠᠯ᠎ᠠ ᠭᠠᠵᠠᠷ ᠤᠨ ᠶᠡᠬᠡᠩᠬᠢ ᠬᠡᠰᠡᠭ ᠤᠨ ᠬᠠᠮᠤᠭ ᠤᠨ ᠦᠨᠳᠦᠷ ᠳᠤᠯᠠᠭᠠᠨ 35℃ ᠢ ᠳᠠᠪᠠᠨ᠎ᠠ᠃ ᠡᠨᠡ ᠪᠤᠯ ᠦᠨᠦ ᠵᠢᠯ ᠡᠴᠡ ᠨᠠᠭᠠᠰᠢᠬᠢ ᠤᠮᠠᠷᠠᠳᠤ ᠪᠦᠰᠡ ᠨᠤᠲᠤᠭ ᠢ ᠨᠦᠯᠦᠭᠡᠯᠡᠭᠰᠡᠨ ᠠᠩᠬᠠᠨ ᠤ ᠬᠠᠮᠤᠭ ᠤᠨ ᠶᠡᠬᠡ ᠬᠡᠪᠴᠢᠶᠡᠲᠦ ᠦᠨᠳᠦᠷ ᠳᠤᠯᠠᠭᠠᠨ ᠤ ᠴᠠᠭ ᠠᠭᠠᠷ ᠪᠤᠯᠤᠨ᠎ᠠ᠃

    ᠪᠡᠭᠡᠵᠢᠩ ᠤᠨ ᠴᠠᠭ ᠠᠭᠤᠷ ᠤᠨ ᠬᠤᠷᠢᠶ᠎ᠠ 16 ᠤ ᠡᠳᠦᠷ ᠦᠨᠳᠦᠷ ᠳᠤᠯᠠᠭᠠᠨ ᠤ ᠰᠢᠷ᠎ᠠ ᠦᠩᠭᠡ ᠶᠢᠨ ᠰᠡᠷᠡᠮᠵᠢ ᠶᠢᠨ ᠳᠤᠬᠢᠶ᠎ᠠ ᠨᠡᠶᠢᠲᠡᠯᠡᠵᠦ᠂ 17 ᠪᠠ 18 ᠤ ᠡᠳᠦᠷ 35℃ ᠤ᠋ᠨ ᠦᠨᠳᠦᠷ ᠳᠤᠯᠠᠭᠠᠨ ᠦᠷᠭᠦᠯᠵᠢᠯᠡᠬᠦ ᠪᠤᠯᠤᠮᠵᠢ ᠲᠠᠢ ᠬᠡᠵᠡᠢ᠃ ᠡᠨᠡᠬᠦ ᠪᠠᠶᠢᠳᠠᠯ ᠡᠴᠡ ᠦᠵᠡᠬᠦ ᠳᠤ᠂ ᠪᠡᠭᠡᠵᠢᠩ ᠤᠨ ᠬᠠᠮᠤᠭ ᠤᠨ ᠦᠨᠳᠦᠷ ᠳᠤᠯᠠᠭᠠᠨ ᠦᠩᠬᠡᠷᠡᠭᠰᠡᠨ ᠳᠤ 6 ᠰᠠᠷ᠎ᠠ ᠶᠢᠨ 10 ᠤ ᠡᠳᠦᠷ ᠢᠯᠡᠷᠡᠳᠡᠭ ᠪᠠᠶᠢᠭᠰᠠᠨ ᠪᠤᠯ ᠦᠨᠦ ᠵᠢᠯ 20 ᠡᠳᠦᠷ ᠤᠷᠴᠢᠮ ᠤᠷᠢᠳᠴᠢᠯᠠᠬᠤ ᠶᠤᠮ ᠪᠠᠶᠢᠨ᠎ᠠ᠃ 2010 ᠤᠨ ᠤ 5 ᠰᠠᠷ᠎ᠠ ᠶᠢᠨ 19 ᠤ ᠡᠳᠦᠷ᠂ ᠪᠡᠭᠡᠵᠢᠩ ᠤᠨ ᠴᠠᠭ ᠠᠭᠠᠷ 38.1℃ ᠬᠦᠷᠴᠤ ᠪᠠᠶᠢᠵᠠᠢ᠃

    18 ᠤ ᠡᠳᠦᠷ᠂ ᠦᠪᠦᠷ ᠮᠤᠩᠭᠤᠯ ᠤᠨ ᠵᠡᠭᠦᠨ ᠪᠦᠰᠡ ᠶᠢᠨ ᠡᠮᠦᠨᠡᠬᠢ ᠬᠡᠰᠡᠭ ᠢᠶᠡᠷ ᠳᠤᠯᠠᠭᠠᠨ ᠤ ᠬᠡᠮᠵᠢᠶ᠎ᠡ 38℃ ᠡᠴᠡ ᠳᠡᠭᠡᠭᠰᠢ ᠪᠤᠯᠤᠨ᠎ᠠ᠃ 19 ᠤ ᠡᠳᠦᠷ᠂ ᠤᠮᠠᠷᠠᠳᠤ ᠪᠦᠰᠡ ᠨᠤᠲᠤᠭ ᠤᠨ ᠵᠠᠷᠢᠮ ᠭᠠᠵᠠᠷ ᠲᠦ ᠠᠭᠠᠷ ᠤᠨ ᠳᠤᠯᠠᠭᠠᠨ ᠮᠦᠨ 37℃ ᠡᠴᠡ ᠳᠡᠭᠡᠭᠰᠢ ᠪᠠᠶᠢᠵᠤ᠂ 19 ᠤ ᠰᠦᠨᠢ ᠡᠴᠡ ᠠᠭᠠᠷ ᠤᠨ ᠳᠤᠯᠠᠭᠠᠨ ᠠᠭᠠᠵᠢᠮ ᠢᠶᠡᠷ ᠪᠠᠭᠤᠷᠠᠬᠤ ᠪᠤᠯᠤᠨ᠎ᠠ᠃ (ᠳᠠᠳᠤᠯᠭ᠎ᠠ ᠶᠢᠨ ᠰᠤᠷᠤᠭᠴᠢ ᠲᠠᠨ᠎ᠠ ᠤᠷᠴᠢᠭᠤᠯᠪᠠ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120701120992863