蒙古文网站Logo
ᠰᠢᠨᠬᠤᠸᠠ ᠮᠤᠩᠭ᠋ᠤᠯ ᠨᠧᠲ

《ᠰᠢᠨᠬᠤᠧᠠ ᠦᠰᠦᠭ ᠤᠨ ᠳᠤᠯᠢ》APP ᠡᠴᠡ ᠡᠳᠦᠷ ᠲᠤ ᠳᠦᠯᠦᠪᠦᠷᠢ ᠦᠬᠡᠢ ᠪᠡᠷ ᠬᠤᠶᠠᠷ ᠦᠰᠦᠭ ᠡᠷᠢᠵᠤ ᠪᠤᠯᠤᠨ᠎ᠠ

2017-06-13 11:24

    ᠤᠶᠢᠷ᠎ᠠ ᠶᠢᠨ ᠡᠳᠦᠷ᠂ ᠱᠠᠩ ᠡᠤ ᠨᠤᠮ ᠬᠡᠪᠯᠡᠯ ᠤᠨ ᠬᠤᠷᠢᠶ᠎ᠠ ᠡᠴᠡ ᠠᠯᠪᠠᠨ ᠶᠤᠰᠤᠭᠠᠷ ᠬᠢᠵᠤ᠂ ᠳᠤᠮᠳᠠᠳᠤ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠰᠤᠳᠤᠯᠬᠤ ᠳᠠᠰᠤᠭ ᠡᠴᠡ ᠵᠠᠰᠠᠪᠤᠷᠢᠯᠠᠭᠰᠠᠨ《ᠰᠢᠨᠬᠤᠧᠠ ᠦᠰᠦᠭ ᠤᠨ ᠳᠤᠯᠢ》APP ᠠᠰᠢᠭᠯᠠᠯᠳᠠ ᠳᠤ ᠤᠷᠤᠭᠰᠠᠨ ᠶᠤᠮ᠃

    ᠤᠶᠢᠯᠠᠭᠠᠭᠰᠠᠨ ᠢᠶᠡᠷ᠂ ᠳᠤᠰ APP ᠨᠢ ᠳᠤᠭᠠᠴᠠᠭᠠᠯᠠᠭᠰᠠᠨ ᠬᠡᠪᠯᠡᠯ ᠪᠤᠯᠤᠨ ᠴᠠᠭᠠᠰᠤᠨ ᠬᠡᠪᠯᠡᠯ ᠤᠨ ᠬᠠᠷᠢᠴᠠᠭᠤᠯᠤᠯ᠂ 《ᠳᠦᠪ ᠤᠨ ᠰᠤᠨᠢᠨ ᠮᠡᠳᠡᠬᠡᠨ ᠤ ᠨᠡᠪᠳᠡᠷᠡᠬᠦᠯᠬᠡ》 ᠶᠢᠨ ᠤᠤᠯ ᠤᠨ ᠨᠡᠪᠳᠡᠷᠡᠬᠦᠯᠦᠭᠴᠢ ᠯᠢ ᠷᠦᠢ ᠶᠢᠩ ᠤᠨ ᠤᠩᠰᠢᠯᠭ᠎ᠠ᠂ ᠬᠢᠳᠠᠳ ᠦᠰᠦᠭ ᠤᠨ ᠳᠦᠷᠢᠮᠵᠢᠭᠰᠡᠨ ᠪᠢᠴᠢᠯᠬᠡ ᠶᠢᠨ ᠺᠠᠷᠲ᠋ᠤᠨ ᠦᠵᠡᠬᠦᠯᠦᠪᠦᠷᠢ ᠵᠡᠷᠬᠡ ᠦᠢᠯᠡᠴᠢᠯᠡᠬᠡ ᠲᠠᠢ᠃ ᠳᠦᠯᠦᠪᠦᠷᠢ ᠦᠬᠡᠢ APP ᠨᠢ ᠡᠳᠦᠷ ᠲᠤ 2 ᠦᠰᠦᠭ ᠡᠷᠢᠵᠤ ᠪᠤᠯᠳᠠᠭ ᠪᠤᠯ ᠳᠦᠯᠦᠪᠦᠷᠢ ᠲᠠᠢ ᠨᠢ 40 – 488 ᠳᠦᠬᠦᠷᠢᠭ᠌ ᠤᠨ ᠬᠤᠭᠤᠷᠤᠨᠳᠤ ᠳᠠᠪᠤᠨ ᠳᠡᠰ ᠤᠨ ᠦᠨ᠎ᠡ ᠲᠠᠢ ᠪᠠᠶᠢᠵᠤ᠂ ᠪᠦᠬᠦ ᠦᠢᠯᠡᠴᠢᠯᠡᠬᠡ ᠶᠢ ᠴᠠᠭ ᠤᠨ ᠬᠢᠵᠠᠭᠠᠷᠯᠠᠯ ᠦᠬᠡᠢ ᠬᠦᠷᠳᠡᠬᠦ ᠪᠤᠯᠤᠮᠵᠢ ᠲᠠᠢ᠃ ᠬᠡᠪᠡᠴᠤ ᠢᠨᠲ᠋ᠧᠷᠨᠧᠲ ᠠᠰᠢᠭᠯᠠᠭᠴᠢᠳ ᠡᠨᠡᠬᠦ APP ᠬᠡᠳᠦ ᠦᠨ᠎ᠡ ᠲᠠᠢ ᠪᠠᠶᠢᠨ᠎ᠠ᠂ ᠳᠤᠰ ᠨᠤᠮ ᠬᠡᠪᠯᠡᠯ ᠤᠨ ᠬᠤᠷᠢᠶ᠎ᠠ ᠡᠴᠡ ᠬᠡᠪᠯᠡᠬᠦᠯᠦᠭᠰᠡᠨ《ᠰᠢᠨᠬᠤᠧᠠ ᠦᠰᠦᠭ ᠤᠨ ᠳᠤᠯᠢ》 (11 ᠳ᠋ᠡᠬᠢ ᠬᠡᠪᠯᠡᠯ)  ᠶᠢᠨ ᠴᠠᠭᠠᠰᠤᠨ ᠬᠡᠪᠯᠡᠯ ᠨᠢ ᠰᠠᠶ᠊ᠢ 24.9 ᠳᠦᠬᠦᠷᠢᠭ᠌ ᠪᠠᠶᠢᠬᠤ ᠳᠤ ᠴᠠᠬᠢᠮ ᠬᠡᠪᠯᠡᠯ ᠨᠢ ᠬᠠᠮᠤᠭ ᠬᠢᠮᠳᠠ ᠳᠤ ᠪᠡᠨ 40 ᠳᠦᠬᠦᠷᠢᠭ᠌ ᠪᠠᠶᠢᠬᠤ ᠨᠢ ᠠᠷᠠᠢ ᠦᠨᠳᠦᠷ ᠪᠠᠶᠢᠨ᠎ᠠ ᠬᠡᠮᠡᠵᠡᠬᠡᠵᠡᠢ᠃

    ᠱᠠᠩ ᠡᠤ ᠨᠤᠮ ᠬᠡᠪᠯᠡᠯ ᠤᠨ ᠬᠤᠷᠢᠶ᠎ᠠ ᠡᠨᠡᠬᠦ ᠠᠰᠠᠭᠤᠳᠠᠯ ᠳᠤ ᠬᠠᠷᠢᠭᠤ ᠦᠭᠬᠦ ᠳᠤ ᠪᠡᠨ᠂ ᠪᠢᠳᠡ ᠴᠠᠭᠠᠰᠤᠨ ᠬᠡᠪᠯᠡᠯ ᠤᠨ ᠳᠤᠯᠢ ᠳᠤ ᠪᠠᠶᠢᠵᠤ ᠪᠤᠯᠤᠰᠢ ᠦᠬᠡᠢ ᠤᠯᠠᠨ ᠴᠢᠳᠠᠪᠬᠢ ᠶᠢ ᠤᠷᠤᠭᠤᠯᠤᠭᠰᠠᠨ᠂ ᠳᠠᠭᠤ ᠲᠠᠢ ᠤᠩᠰᠢᠯᠭ᠎ᠠ ᠶᠢᠨ ᠦᠢᠯᠡᠴᠢᠯᠡᠬᠡ ᠡᠴᠡ ᠭᠠᠳᠠᠨ᠎ᠠ ᠬᠢᠳᠠᠳ ᠬᠡᠯᠡᠨ ᠤ ᠳᠦᠷᠢᠮᠵᠢᠭᠰᠡᠨ ᠪᠢᠴᠢᠯᠬᠡ ᠶᠢ ᠳᠤᠭᠳᠠᠮᠠᠯ ᠪᠠ ᠬᠦᠳᠡᠯᠬᠡᠬᠡᠨ ᠲᠠᠢ ᠬᠤᠶᠠᠷ ᠶᠠᠩᠵᠤ ᠪᠡᠷ ᠤᠷᠤᠭᠤᠯᠵᠤ᠂ ᠳᠠᠭᠠᠵᠤ ᠪᠢᠴᠢᠬᠦ ᠪᠤᠶᠤ ᠰᠤᠨᠤᠰᠴᠤ ᠪᠢᠴᠢᠵᠤ ᠪᠤᠯᠬᠤ ᠴᠢᠳᠠᠪᠬᠢ ᠳᠠᠭᠠᠷᠠᠭᠤᠯᠤᠭᠰᠠᠨ ᠨᠢ ᠳᠤᠰ APP ᠶᠢᠨ ᠬᠢᠯᠠᠰ ᠴᠡᠭ ᠪᠤᠯᠤᠨ᠎ᠠ ᠬᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011120701121134240