蒙古文网站Logo
ᠰᠢᠨᠬᠤᠸᠠ ᠮᠤᠩᠭ᠋ᠤᠯ ᠨᠧᠲ

ᠢᠷᠡᠬᠦ ᠭᠤᠷᠪᠠᠨ ᠬᠤᠨᠤᠭ ᠲᠡᠬᠢ ᠦᠪᠦᠷ ᠮᠤᠩᠭᠤᠯ ᠤᠨ ᠴᠠᠭ ᠠᠭᠠᠷ ᠤᠨ ᠪᠠᠶᠢᠲᠠᠯ ᠢ ᠬᠠᠷᠠᠶ᠎ᠠ

2017-08-07 23:38

    ᠰᠢᠨᠬᠤᠧᠠ ᠮᠤᠩᠭᠤᠯ ᠨᠧᠲ   ᠬᠦᠬᠡᠬᠤᠲᠠ ᠶᠢᠨ 8 ᠰᠠᠷ᠎ᠠ ᠶᠢᠨ 7 ᠤ ᠡᠲᠦᠷ ᠤᠨ ᠴᠠᠬᠢᠯᠭᠠᠨ ᠮᠡᠲᠡᠭᠡ ( ᠬ • ᠦᠵᠡᠰᠭᠦᠯᠡᠩ ) ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠴᠠᠭ ᠠᠭᠤᠷ ᠤᠨ ᠬᠤᠷᠢᠶᠠᠨ ᠤ ᠦᠨᠦᠲᠦᠷ ᠤᠨ 17᠄ 00 ᠴᠠᠭ ᠲᠤ ᠤᠷᠢᠳᠴᠢᠯᠠᠨ ᠲᠤᠭᠠᠴᠠᠭᠠᠯᠠᠭᠰᠠᠨ ᠢᠶᠡᠷ ᠢᠷᠡᠬᠦ ᠭᠤᠷᠪᠠᠨ ᠬᠤᠨᠤᠭ ᠲᠤ ᠦᠪᠦᠷ ᠮᠤᠩᠭᠤᠯ ᠤᠨ ᠶᠡᠬᠡᠩᠬᠢ ᠪᠦᠰᠡ ᠨᠤᠲᠤᠭ ᠲᠤ ᠪᠤᠷᠤᠭᠠᠨ ᠬᠤᠷ᠎ᠠ ᠲᠠᠢ ᠴᠠᠭ ᠠᠭᠠᠷ ᠢᠯᠡᠷᠡᠨ᠂ ᠠᠭᠤᠷ ᠠᠮᠢᠰᠬᠤᠯ ᠰᠡᠷᠢᠬᠦᠨ ᠴᠢᠭᠢᠭ᠍ᠯᠢᠭ᠌ ᠪᠤᠯᠬᠤ ᠪᠤᠯᠤᠨ᠎ᠠ᠃ ᠪᠤᠲᠠᠲᠠᠢ ᠴᠠᠭ ᠠᠭᠠᠷ ᠤᠨ ᠪᠠᠶᠢᠲᠠᠯ  ᠲᠤᠤᠷᠠᠬᠢ ᠮᠡᠲᠦ ᠄

    8 ᠰᠠᠷ᠎ᠠ ᠶᠢᠨ 7 ᠤ ᠡᠲᠦᠷ ᠤᠨ 20᠄ 00 ᠴᠠᠭ ᠡᠴᠡ 8 ᠰᠠᠷ᠎ᠠ ᠶᠢᠨ 8 ᠤ ᠡᠲᠦᠷ ᠤᠨ 20᠄ 00 ᠴᠠᠭ ᠪᠤᠯᠲᠠᠯ᠎ᠠ ᠦᠪᠦᠷ ᠮᠤᠩᠭᠤᠯ ᠤᠨ ᠶᠡᠬᠡᠩᠬᠢ ᠪᠦᠰᠡ ᠨᠤᠲᠤᠭ ᠲᠤ ᠡᠬᠦᠯᠡ ᠲᠠᠢ᠂ ᠪᠠᠶᠠᠨᠨᠠᠭᠤᠷ ᠤᠨ ᠡᠮᠦᠨ᠎ᠡ ᠪᠦᠰᠡ᠂ ᠤᠷᠲᠤᠰ ᠤᠨ ᠶᠡᠬᠡᠩᠬᠢ ᠪᠦᠰᠡ ᠡᠴᠡ ᠰᠢᠯᠢ ᠶᠢᠨ ᠭᠤᠤᠯ ᠤᠨ ᠪᠠᠷᠠᠭᠤᠨ ᠪᠦᠰᠡ᠂ ᠡᠮᠦᠨ᠎ᠡ ᠪᠦᠰᠡ ᠪᠠ ᠵᠡᠬᠦᠨ ᠬᠤᠶᠢᠲᠤ ᠪᠦᠰᠡ᠂ ᠤᠯᠠᠭᠠᠨᠬᠠᠲᠠ ᠶᠢᠨ ᠪᠠᠷᠠᠭᠤᠨ ᠪᠦᠰᠡ ᠪᠠ ᠡᠮᠦᠨ᠎ᠡ ᠪᠦᠰᠡ᠂ ᠲᠦᠩᠯᠢᠶᠤᠤ ᠶᠢᠨ ᠵᠡᠬᠦᠨ ᠪᠦᠰᠡ ᠪᠠ ᠬᠤᠶᠢᠲᠤ ᠪᠦᠰᠡ᠂ ᠬᠢᠩᠭᠠᠨ᠂ ᠬᠦᠯᠦᠨ ᠪᠤᠶᠢᠷ ᠤᠨ ᠵᠡᠬᠦᠨ ᠪᠦᠰᠡ ᠳ᠋ᠤ ᠪᠠᠭ᠎ᠠ ᠪᠤᠷᠤᠭᠠᠨ ᠤᠷᠤᠨ᠎ᠠ᠂ ᠬᠦᠯᠦᠨ ᠪᠤᠶᠢᠷ ᠤᠨ ᠵᠡᠬᠦᠨ ᠪᠦᠰᠡ ᠶᠢᠨ ᠵᠡᠬᠦᠨ ᠬᠡᠰᠡᠭ ᠲᠤ ᠲᠤᠮᠲᠠ ᠵᠡᠷᠭᠡ ᠶᠢᠨ ᠪᠤᠷᠤᠭᠠᠨ ᠤᠷᠤᠨ᠎ᠠ᠃ ᠡᠲᠡᠭᠡᠷ ᠤᠷᠤᠨ ᠪᠦᠰᠡ ᠳ᠋ᠤ ᠲᠦᠷ ᠵᠠᠭᠤᠷ᠎ᠠ ᠠᠶᠤᠩᠭ᠎ᠠ ᠴᠠᠬᠢᠯᠬᠤ᠂ ᠰᠠᠯᠬᠢᠯᠠᠬᠤ ᠵᠡᠷᠭᠡ ᠰᠤᠯᠢᠭ ᠤᠷᠤᠰᠬᠠᠯᠲᠤ ᠴᠠᠭ ᠠᠭᠠᠷ ᠢᠯᠡᠷᠡᠨ᠎ᠡ᠃ ᠪᠠᠷᠠᠭᠤᠨ ᠪᠦᠰᠡ ᠶᠢᠨ ᠪᠠᠷᠠᠭᠤᠨ ᠬᠡᠰᠡᠭ ᠲᠤ ᠪᠠᠷᠠᠭᠤᠨ ᠬᠤᠶᠢᠨ᠎ᠠ ᠡᠴᠡ 4 – 5 ᠲᠡᠰ ᠤᠨ ᠰᠠᠯᠬᠢ ᠲᠠᠢ᠃

    8 ᠰᠠᠷ᠎ᠠ ᠶᠢᠨ 8 ᠤ ᠡᠲᠦᠷ ᠤᠨ 20᠄ 00 ᠴᠠᠭ ᠡᠴᠡ 8 ᠰᠠᠷ᠎ᠠ ᠶᠢᠨ 9 ᠤ ᠡᠲᠦᠷ ᠤᠨ 20᠄ 00 ᠴᠠᠭ ᠪᠤᠯᠲᠠᠯ᠎ᠠ ᠦᠪᠦᠷ ᠮᠤᠩᠭᠤᠯ ᠤᠨ ᠪᠠᠷᠠᠭᠤᠨ ᠪᠦᠰᠡ ᠶᠢᠨ ᠵᠡᠬᠦᠨ ᠬᠡᠰᠡᠭ᠂ ᠲᠤᠮᠲᠠ ᠪᠦᠰᠡ ᠪᠠ ᠵᠡᠬᠦᠨ ᠪᠦᠰᠡ ᠳ᠋ᠤ ᠡᠬᠦᠯᠡ ᠲᠠᠢ᠂ ᠪᠤᠭᠤᠲᠤ ᠶᠢᠨ ᠶᠡᠬᠡᠩᠬᠢ ᠪᠦᠰᠡ᠂ ᠬᠦᠯᠦᠨ ᠪᠤᠶᠢᠷ ᠡᠴᠡ ᠰᠢᠯᠢ ᠶᠢᠨ ᠭᠤᠤᠯ ᠤᠨ ᠡᠮᠦᠨ᠎ᠡ ᠪᠦᠰᠡ᠂ ᠲᠤᠮᠲᠠ ᠪᠦᠰᠡ ᠬᠦᠷᠲᠡᠯᠡᠬᠢ ᠤᠷᠤᠨ ᠳ᠋ᠤ ᠪᠠᠭ᠎ᠠ ᠪᠤᠷᠤᠭᠠᠨ ᠤᠷᠤᠨ᠎ᠠ᠂ ᠰᠢᠯᠢ ᠶᠢᠨ ᠭᠤᠤᠯ ᠤᠨ ᠡᠮᠦᠨ᠎ᠡ ᠪᠦᠰᠡ᠂ ᠤᠯᠠᠭᠠᠨᠬᠠᠲᠠ ᠶᠢᠨ ᠡᠮᠦᠨ᠎ᠡ ᠪᠦᠰᠡ᠂ ᠲᠦᠩᠯᠢᠶᠤᠤ ᠶᠢᠨ ᠲᠤᠮᠲᠠ ᠪᠦᠰᠡ᠂ ᠡᠮᠦᠨ᠎ᠡ ᠪᠦᠰᠡ ᠳ᠋ᠤ ᠲᠤᠮᠲᠠ ᠵᠡᠷᠭᠡ ᠶᠢᠨ ᠪᠤᠷᠤᠭᠠᠨ ᠤᠷᠤᠨ᠎ᠠ᠃ ᠡᠲᠡᠭᠡᠷ ᠤᠷᠤᠨ ᠪᠦᠰᠡ ᠳ᠋ᠤ ᠲᠦᠷ ᠵᠠᠭᠤᠷ᠎ᠠ ᠠᠶᠤᠩᠭ᠎ᠠ ᠴᠠᠬᠢᠯᠬᠤ᠂ ᠰᠠᠯᠬᠢᠯᠠᠬᠤ ᠵᠡᠷᠭᠡ ᠰᠤᠯᠢᠭ ᠤᠷᠤᠰᠬᠠᠯᠲᠤ ᠴᠠᠭ ᠠᠭᠠᠷ ᠢᠯᠡᠷᠡᠨ᠎ᠡ᠃ ᠪᠠᠷᠠᠭᠤᠨ ᠪᠦᠰᠡ ᠳ᠋ᠤ ᠪᠠᠷᠠᠭᠤᠨ ᠬᠤᠶᠢᠨ᠎ᠠ ᠡᠴᠡ 4 – 5 ᠲᠡᠰ ᠤᠨ ᠰᠠᠯᠬᠢ ᠲᠠᠢ᠃

    8 ᠰᠠᠷ᠎ᠠ ᠶᠢᠨ 9 ᠤ ᠡᠲᠦᠷ ᠤᠨ 20᠄ 00 ᠴᠠᠭ ᠡᠴᠡ 8 ᠰᠠᠷ᠎ᠠ ᠶᠢᠨ 10 ᠤ ᠡᠲᠦᠷ ᠤᠨ 20᠄ 00 ᠴᠠᠭ ᠪᠤᠯᠲᠠᠯ᠎ᠠ ᠦᠪᠦᠷ ᠮᠤᠩᠭᠤᠯ ᠤᠨ ᠲᠤᠮᠲᠠ ᠪᠦᠰᠡ᠂ ᠵᠡᠬᠦᠨ ᠪᠦᠰᠡ ᠳ᠋ᠤ ᠡᠬᠦᠯᠡ ᠲᠠᠢ᠂ ᠰᠢᠯᠢ ᠶᠢᠨ ᠭᠤᠤᠯ ᠤᠨ ᠲᠤᠮᠲᠠ ᠪᠦᠰᠡ᠂ ᠵᠡᠬᠦᠨ ᠪᠦᠰᠡ ᠡᠴᠡ ᠬᠦᠯᠦᠨ ᠪᠤᠶᠢᠷ ᠬᠦᠷᠲᠡᠯ᠎ᠡ ᠪᠠᠭ᠎ᠠ ᠪᠤᠷᠤᠭᠠᠨ ᠤᠷᠤᠨ᠎ᠠ᠂ ᠬᠢᠩᠭᠠᠨ ᠳ᠌ᠤ ᠲᠤᠮᠲᠠ ᠵᠡᠷᠭᠡ ᠶᠢᠨ ᠪᠤᠷᠤᠭᠠᠨ ᠤᠷᠤᠨ᠎ᠠ᠃ ᠡᠲᠡᠭᠡᠷ ᠤᠷᠤᠨ ᠪᠦᠰᠡ ᠳ᠋ᠤ ᠲᠦᠷ ᠵᠠᠭᠤᠷ᠎ᠠ ᠠᠶᠤᠩᠭ᠎ᠠ ᠴᠠᠬᠢᠯᠬᠤ᠂ ᠰᠠᠯᠬᠢᠯᠠᠬᠤ ᠵᠡᠷᠭᠡ ᠰᠤᠯᠢᠭ ᠤᠷᠤᠰᠬᠠᠯᠲᠤ ᠴᠠᠭ ᠠᠭᠠᠷ ᠢᠯᠡᠷᠡᠨ᠎ᠡ᠂ ᠪᠤᠰᠤᠳ ᠭᠠᠵᠠᠷ ᠲᠤ ᠡᠭᠦᠯᠡᠰᠢᠨ᠎ᠡ᠃

    ᠲᠠ ᠪᠦᠬᠦᠨ ᠴᠠᠭ ᠠᠭᠠᠷ ᠤᠨ ᠬᠤᠪᠢᠷᠠᠯᠲᠠ ᠶᠢ ᠪᠠᠶᠢᠩᠭᠤ ᠠᠩᠬᠠᠷᠴᠤ᠂ ᠪᠠᠶᠠᠷ ᠨᠠᠶᠢᠷ ᠢᠶᠡᠷ ᠰᠠᠶᠢᠬᠠᠨ ᠪᠠᠶᠠᠷᠯᠠᠭᠠᠷᠠᠢ!

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121445795