蒙古文网站Logo
ᠰᠢᠨᠬᠤᠸᠠ ᠮᠤᠩᠭ᠋ᠤᠯ ᠨᠧᠲ

《ᠡᠯᠡᠰᠤ ᠭᠡᠭ᠍ᠰᠡᠭᠡᠷ ᠰᠢᠷᠬᠡᠶᠢᠳᠡᠭ》 ᠪᠠᠶᠢᠭᠰᠠᠨ ᠡᠴᠡ ᠪᠠᠨ《 ᠡᠯᠡᠰᠤ ᠪᠡᠷ ᠢᠶᠡᠨ ᠤᠯᠵᠠᠷᠬᠠᠳᠠᠭ》 ᠪᠤᠯᠤᠭᠰᠠᠨ- ᠠᠯᠠᠱᠠ ᠶᠢᠨ ᠡᠯᠡᠰᠤ ᠲᠠᠢ ᠲᠡᠮᠡᠴᠡᠭᠰᠡᠨ ᠲᠡᠮᠳᠡᠭᠯᠡᠯ

2017-08-11 18:25

    ᠰᠢᠨᠬᠤᠸᠠ ᠬᠤᠷᠢᠶ᠎ᠠ   ᠬᠦᠬᠡᠬᠤᠲᠠ ᠶᠢᠨ 8 ᠰᠠᠷ᠎ᠠ ᠶᠢᠨ 9 ᠤ ᠡᠳᠦᠷ ᠤᠨ ᠴᠠᠬᠢᠯᠭᠠᠨ ᠮᠡᠳᠡᠭᠡ ( ᠰᠤᠷᠪᠤᠯᠵᠢᠯᠠᠭᠴᠢ ᠭᠤᠤ ᠵᠢᠶᠸ) 《 ᠡᠵᠡᠨ᠎ᠠ ᠳᠤ ᠰᠠᠯᠬᠢᠯᠠᠪᠠᠯ ᠪᠡᠭᠡᠵᠢᠩ ᠳᠤ ᠰᠢᠭᠤᠷᠠᠨ᠎ᠠ᠃》ᠬᠤᠷᠢᠭᠠᠳ ᠵᠢᠯ ᠤᠨ ᠡᠮᠦᠨ᠎ᠠ᠂ ᠦᠪᠦᠷ ᠮᠣᠩᠭᠣᠯ ᠤᠨ ᠦᠪᠡᠷᠲᠡᠬᠡᠨ ᠵᠠᠰᠠᠬᠤ ᠤᠷᠤᠨ ᠤ ᠠᠯᠠᠱᠠ ᠠᠶᠢᠮᠠᠭ ᠤᠨ ᠡᠯᠡᠰᠤᠨ ᠰᠢᠭᠤᠷᠭ᠎ᠠ ᠲᠤᠬᠠᠢ ᠶᠢᠨ ᠪᠦᠰᠡ ᠨᠤᠲᠤᠭ ᠤᠨ ᠢᠷᠭᠡᠳ ᠤᠨ ᠠᠮᠢᠳᠤᠷᠠᠯ ᠠᠬᠤᠢ ᠶᠢ ᠨᠦᠯᠦᠭᠡᠯᠡᠳᠡᠭ ᠢᠶᠡᠷ ᠪᠠᠷᠠᠬᠤ ᠦᠭᠡᠢ ᠪᠡᠭᠡᠵᠢᠩ ᠲᠢᠶᠠᠨᠵᠢᠨ ᠾᠸᠪᠸᠢ ᠲᠡᠷᠡᠴᠢᠯᠡᠨ ᠪᠠᠷᠠᠭᠤᠨ ᠬᠤᠶᠢᠳᠤ᠂ ᠤᠮᠠᠷᠠᠲᠤ ᠶᠢᠨ ᠪᠦᠰᠡ ᠨᠤᠲᠤᠭ ᠤᠨ ᠬᠦᠮᠦᠰ ᠢ ᠴᠤ ᠰᠢᠨᠠᠯᠭᠠᠵᠤ ᠪᠠᠶᠢᠭᠰᠠᠨ᠃

    ᠤᠳᠤ ᠬᠠᠷᠢᠨ ᠨᠤᠲᠤᠭ ᠢᠶᠡᠨ ᠤᠷᠬᠢᠭᠠᠳ ᠨᠡᠭᠦᠵᠤ ᠶᠠᠪᠤᠭᠰᠠᠨ ᠮᠠᠯᠴᠢᠳ ᠪᠤᠴᠠᠨ ᠢᠷᠡᠵᠡᠭᠡᠵᠤ᠂ ᠶᠠᠳᠠᠭᠤ ᠬᠤᠭᠤᠰᠤᠨ ᠡᠵᠡᠭᠦᠢ ᠪᠠᠶᠢᠭᠰᠠᠨ ᠡᠯᠡᠰᠤ ᠮᠠᠩᠬ᠎ᠠ ᠨᠢ ᠴᠦᠬᠡᠨ ᠪᠤᠰᠤ ᠵᠢᠭᠤᠯᠴᠢᠳ ᠢ ᠬᠦᠯᠢᠶᠡᠨ ᠠᠪᠴᠤ᠂ ᠰᠢᠵᠢᠷ ᠠᠯᠲᠠᠨ ᠵᠢᠭᠤᠯᠴᠢᠯᠠᠯ ᠤᠨ ᠤᠷᠤᠨ ᠪᠤᠯᠵᠠᠢ᠃

    《ᠡᠯᠡᠰᠤ ᠭᠡᠭ᠍ᠰᠡᠭᠡᠷ ᠰᠢᠷᠬᠡᠶᠢᠳᠡᠭ》 ᠪᠠᠶᠢᠭᠰᠠᠨ ᠡᠴᠡ ᠪᠠᠨ《 ᠡᠯᠡᠰᠤ ᠪᠡᠷ ᠢᠶᠡᠨ ᠤᠯᠵᠠᠷᠬᠠᠳᠠᠭ》ᠪᠤᠯᠵᠠᠢ᠃ ᠠᠯᠠᠱᠠ ᠬᠡᠳᠤᠨ ᠠᠷᠪᠠᠨ ᠵᠢᠯ ᠡᠯᠠᠰᠤ ᠶᠢ ᠲᠠᠨᠢᠵᠤ᠂ ᠡᠯᠡᠰᠤ ᠶᠢ ᠰᠡᠷᠭᠡᠶᠢᠯᠡᠨ᠂ ᠡᠯᠡᠰᠤ ᠶᠢ ᠵᠠᠰᠠᠵᠤ᠂ ᠡᠯᠡᠰᠤ ᠶᠢ ᠬᠠᠶᠢᠷᠠᠯᠠᠬᠤ ᠪᠤᠬᠢᠷᠳᠤᠯ ᠦᠭᠡᠢ ᠬᠦᠭ᠍ᠵᠢᠯᠲᠠ᠂ ᠪᠤᠬᠢᠷᠳᠤᠯ ᠦᠭᠡᠢ ᠠᠮᠢᠳᠤᠷᠠᠯ ᠤᠨ ᠵᠠᠮ ᠢ ᠳᠤᠭᠤᠯᠠᠭᠰᠠᠨ ᠶᠤᠮ᠃

    ᠡᠯᠡᠰᠤ ᠠᠯᠠᠱᠠ ᠶᠢ ᠬᠠᠰᠢᠪᠠ

    《 ᠡᠯᠡᠰᠤᠨ ᠰᠢᠭᠤᠷᠭ᠎ᠠ ᠦᠩᠭᠡᠷᠡᠭᠰᠡᠭᠡᠷ ᠪᠢᠳᠡ ᠬᠤᠨᠢ ᠪᠡᠨ ᠡᠷᠬᠢᠳᠡᠭ ᠪᠠᠶᠢᠭᠰᠠᠨ》 ᠬᠡᠮᠡᠨ ᠳᠡᠭᠡᠷ᠎ᠠ ᠵᠠᠭᠤᠨ ᠤ ᠶᠢᠷᠡᠭᠡᠳ ᠤᠨ ᠤ ᠦᠶ᠎ᠠ ᠶᠢᠨ ᠡᠯᠡᠰᠤᠨ ᠰᠢᠭᠤᠷᠭ᠎ᠠ ᠬᠠᠮᠤᠭ ᠤᠨ ᠬᠦᠨᠲᠤ ᠨᠤᠴᠢᠲᠠᠢ ᠪᠠᠶᠢᠭᠰᠠᠨ ᠴᠠᠭ ᠡᠷᠢᠨ ᠢ ᠡᠷᠬᠢᠴᠡᠭᠦᠯᠬᠦ ᠳᠤ ᠪᠡᠨ 54 ᠨᠠᠰᠤᠲᠠᠢ ᠮᠠᠯᠴᠢᠨ ᠵᠤᠤ ᠵᠢᠶᠦ᠋ᠨ ᠯᠢᠶᠠᠠ ᠢᠩᠭᠢᠵᠤ ᠶᠠᠷᠢᠵᠤ ᠪᠢᠯᠠ᠃ ᠰᠠᠯᠬᠢ ᠲᠡᠭᠳᠡᠵᠤ ᠰᠢᠷᠦᠢ ᠪᠤᠲᠠᠷᠠᠨ ᠲᠡᠭᠷᠢ ᠬᠠᠷᠠᠩᠭ᠋ᠤᠶᠢᠯᠠᠵᠤ᠂ ᠮᠤᠳᠤ ᠪᠤᠷᠭᠠᠰᠤ ᠶᠢ ᠦᠨᠳᠦᠰᠤ ᠮᠦᠴᠢᠷ ᠢᠶᠡᠷ ᠨᠢ ᠪᠤᠯᠭᠠᠯᠠᠵᠤ᠂ ᠬᠤᠨᠢᠨ ᠤ ᠨᠤᠤᠰᠤ ᠨᠤᠤᠯᠤᠷ ᠲᠤ ᠰᠢᠷᠦᠢ ᠰᠢᠭᠢᠳᠦᠭᠡᠳ ᠪᠡᠶ᠎ᠠ ᠪᠡᠨ ᠳᠠᠭᠠᠬᠤ ᠪᠡᠨ ᠪᠤᠯᠢᠳᠠᠭ᠃ ᠠᠷᠭ᠎ᠠ ᠦᠭᠡᠢ ᠬᠤᠨᠢ ᠪᠡᠨ ᠬᠦᠯᠳᠡᠵᠤ ᠰᠡᠭᠰᠦᠷᠡᠭᠡᠳ ᠡᠯᠡᠰᠤ ᠰᠢᠷᠦᠢ ᠶᠢ ᠨᠢ ᠤᠨᠠᠭᠠᠬᠤ ᠪᠤᠶᠤ ᠨᠤᠤᠰᠤ ᠶᠢ ᠨᠢ ᠬᠠᠶᠢᠴᠢᠯᠠᠳᠠᠭ ᠪᠠᠶᠢᠵᠠᠢ᠃

    ᠠᠯᠠᠱᠠ ᠠᠶᠢᠮᠠᠭ ᠪᠤᠯ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠡᠯᠡᠰᠤᠨ ᠴᠦᠯ ᠬᠠᠮᠤᠭ ᠤᠨ ᠶᠡᠬᠡ᠂ ᠡᠯᠡᠰᠦᠵᠢᠯᠲᠠ ᠬᠠᠮᠤᠭ ᠡᠴᠡ ᠬᠦᠨᠳᠤ ᠨᠤᠴᠢᠲᠠᠢ ᠪᠦᠰᠡ ᠨᠤᠲᠤᠭ ᠮᠦᠨ᠂ ᠬᠦᠮᠦᠨ ᠤᠷᠤᠰᠢᠨ ᠲᠤᠭᠲᠠᠨᠢᠵᠤ ᠠᠮᠢᠳᠤᠷᠠᠬᠤ ᠪᠤᠯᠤᠯᠴᠠᠭ᠎ᠠ ᠪᠦᠬᠦᠢ ᠲᠡᠯᠡᠪᠡᠢ ᠨᠢ ᠶᠡᠷᠦᠩᠬᠡᠢ ᠲᠠᠯᠠᠪᠠᠢ ᠶᠢᠨ ᠬᠢᠨᠢ 6% ᠶᠢ ᠯᠡ ᠡᠵᠡᠯᠡᠳᠡᠭ᠃ ᠵᠢᠯ ᠤᠨ ᠳᠤᠨᠳᠠᠰᠤᠨ ᠤ ᠬᠡᠮᠵᠢᠶ᠎ᠠ ᠵᠡᠭᠦᠨ ᠡᠴᠡ ᠪᠠᠷᠠᠭᠤᠨᠰᠢ 200 - 40 ᠮᠢᠯᠯᠢᠮᠸᠲ᠋ᠷ᠂ ᠤᠬᠤᠷᠬᠠᠨ ᠬᠡᠳᠦᠨ ᠠᠷᠪᠠᠨ ᠵᠢᠯ ᠤᠨ ᠬᠤᠭᠤᠴᠠᠭᠠᠨ ᠳᠤ ᠪᠡᠯᠴᠢᠭᠡᠷ ᠤᠨ ᠳᠠᠭᠠᠭᠠᠴᠠ ᠬᠡᠲᠦᠷᠡᠭᠰᠡᠨ ᠡᠴᠡ ᠤᠷᠭᠤᠴᠠ ᠶᠢᠨ ᠪᠠᠶᠢᠳᠠᠯ ᠢ ᠮᠠᠭᠤᠳᠠᠭᠤᠯᠪᠠ᠃

    ᠵᠤᠤ ᠵᠢᠶᠦ᠋ᠨ ᠯᠢᠶᠠᠨ ᠤ ᠬᠢ ᠠᠯᠠᠱᠠ ᠵᠡᠭᠦᠨ ᠬᠤᠰᠢᠭᠤᠨ ᠤ ᠪᠠᠶᠠᠨ ᠨᠢᠷᠤᠭᠤᠨ ᠰᠤᠮᠤᠨ ᠪ ᠬᠤᠲᠠᠨ ᠨᠠᠭᠤᠷ ᠭᠠᠴᠠᠭ᠎ᠠ ᠶᠢᠨ ᠲᠡᠭᠷᠢ ᠡᠯᠡᠰᠤ ᠶᠢᠨ ᠵᠡᠭᠦᠨ ᠵᠠᠬ᠎ᠠ ᠳᠤ ᠨᠤᠲᠤᠬᠰᠢᠳᠠᠬ᠂ ᠡᠨᠡ ᠨᠢ ᠶᠠᠭ ᠡᠯᠡᠰᠤ ᠶᠢ ᠵᠠᠰᠠᠬᠤ ᠡᠮᠦᠨ᠎ᠠ ᠹᠷᠤᠨᠲ ᠤᠨ ᠰᠠᠭᠤᠷᠢᠨ ᠪᠠᠶᠢᠯ᠎ᠠ᠃

    《 ᠬᠦᠮᠦᠰ ᠮᠠᠨ ᠤ ᠡᠨᠡ ᠨᠤᠲᠤᠭ ᠲᠤ ᠠᠷᠪᠢᠨ ᠮᠠᠯ ᠲᠡᠵᠢᠭᠡᠪᠠᠯ ᠳᠠᠭᠠᠭᠠᠬᠤ ᠦᠭᠡᠢ ᠶᠢ ᠮᠡᠳᠡᠬᠦ ᠪᠤᠯᠪᠠᠴᠤ ᠠᠮᠢᠳᠤᠷᠠᠬᠤ ᠶᠢᠨ ᠡᠷᠬᠡᠨ ᠡᠴᠡ ᠪᠤᠯᠵᠤ ᠪᠠᠶᠢᠨ᠎ᠠ ᠰᠢᠤ᠂ ᠠᠷᠭ᠎ᠠ᠎ ᠦᠭᠡᠢ》 ᠬᠡᠵᠤ ᠵᠤᠤ ᠵᠢᠶᠦ᠋ᠨ ᠯᠢᠶᠠᠨ ᠶᠠᠷᠢᠨ᠎ᠠ᠃

    ᠬᠦᠨᠦᠭᠡᠯᠲᠤ ᠤᠷᠴᠢᠯ ᠢ ᠡᠪᠳᠡᠶ᠎ᠠ ᠭᠡᠪᠡᠯ ᠡᠷᠬᠡᠪᠰᠢ ᠠᠮᠢᠳᠤᠷᠠᠯ ᠤᠨ ᠠᠷᠭ᠎ᠠ ᠬᠡᠯᠪᠡᠷᠢ ᠪᠡᠨ ᠬᠤᠪᠢᠷᠠᠭᠤᠯᠬᠤ ᠬᠡᠷᠡᠭᠲᠠᠢ᠃ ᠭᠡᠳᠡᠯ᠎ᠠ ᠰᠠᠯᠬᠢ ᠰᠢᠭᠤᠷᠭᠠᠨ ᠤ ᠪᠠᠶᠢᠳᠠᠯ ᠳᠤ ᠳᠠᠰᠤᠭᠰᠠᠨ ᠮᠠᠯᠴᠢᠳ ᠲᠤ ᠦᠭᠡᠷᠡᠴᠢᠯᠡᠬᠦ ᠡᠴᠡ ᠪᠤᠯᠵᠤ ᠠᠪᠴᠢᠷᠠᠬᠤ ᠰᠢᠨᠠᠯᠤᠯ ᠨᠢ ᠨᠡᠩ ᠬᠡᠴᠡᠭᠦᠦ ᠪᠠᠶᠢᠭᠰᠠᠨ ᠪᠤᠯᠬᠤᠷ ᠡᠨᠡᠬᠦ ᠠᠯᠬᠤᠮ ᠢ ᠠᠯᠬᠤᠬᠤ ᠳᠤ ᠪᠡᠷᠬᠡ ᠪᠠᠶᠢᠯ᠎ᠠ᠃

    ᠬᠡᠪᠡᠴᠤ ᠡᠯᠡᠰᠤᠨ ᠤ ᠲᠡᠯᠡᠯᠲᠡ ᠶᠢᠨ ᠬᠤᠷᠳᠤᠴᠠ ᠬᠦᠮᠦᠰ ᠢ ᠰᠤᠴᠢᠭᠠᠮ᠎ᠠ ᠪᠠᠶᠢᠵᠤ᠂ ᠪᠠᠳᠢ ᠶᠢᠨ ᠵᠢᠷᠠᠨ᠂ ᠲᠡᠭᠷᠢ ᠡᠯᠡᠰᠦ ᠪᠤᠯᠤᠨ ᠤᠯᠠᠭᠠᠨᠪᠦᠬ᠎ᠠ ᠭᠤᠷᠪᠠᠨ ᠲᠤᠮᠤ ᠡᠯᠡᠰᠤᠨ ᠴᠦᠯ ᠨᠡᠶᠢᠯᠡᠬᠦ ᠶᠢ ᠬᠤᠷᠢᠭᠯᠠᠬᠤ ᠪᠤᠯᠤᠮᠵᠢ ᠦᠭᠡᠢ ᠪᠤᠯᠵᠤ ᠡᠯᠡᠰᠤ ᠰᠢᠷᠦᠢ ᠨᠢ ᠰᠠᠯᠬᠢ ᠰᠢᠭᠤᠷᠭᠠᠨ ᠳᠤ ᠳᠡᠭᠳᠡᠵᠤ ᠠᠯᠠᠱᠠ ᠠᠭᠤᠯᠠᠨ ᠳᠤ ᠬᠦᠷᠪᠠ᠃

    ᠮᠠᠯᠵᠢᠬᠤ ᠶᠢ ᠬᠤᠷᠢᠭᠯᠠᠬᠤ ᠲᠦᠷᠦ ᠶᠢᠨ ᠪᠤᠳᠤᠯᠭ᠎ᠠ ᠪᠠᠭᠤᠭᠰᠠᠨ ᠢᠶᠡᠷ ᠲᠤᠬᠠᠢ ᠶᠢᠨ ᠪᠦᠰᠡ ᠨᠤᠲᠤᠭ ᠤᠨ ᠤᠢ ᠰᠢᠭᠤᠢ ᠶᠢᠨ ᠰᠠᠯᠠᠭ᠎ᠠ ᠮᠦᠴᠢᠷ ᠤᠨ ᠦᠨᠳᠦᠰᠦᠨ ᠱᠠᠲᠤᠨ ᠤ ᠺᠠᠳ᠋ᠷ ᠠᠵᠢᠯᠲᠠᠳ ᠮᠠᠯᠴᠢᠳ ᠲᠤ ᠵᠠᠯᠭᠠᠭ᠎ᠠ ᠪᠡᠷ ᠦᠵᠡᠯ ᠰᠠᠨᠠᠭᠠᠨ ᠤ ᠬᠦᠮᠦᠵᠢᠯ ᠬᠢᠵᠤ ᠤᠷᠤᠰᠢᠨ ᠲᠤᠭᠲᠠᠨᠢᠬᠤ ᠲᠠᠯ᠎ᠠ ᠨᠤᠲᠤᠭ ᠢᠶᠡᠨ ᠦᠯᠡᠳᠡᠭᠡᠶ᠎ᠠ ᠭᠡᠪᠡᠯ ᠤᠷᠢᠳᠠᠪᠠᠷ ᠲᠠᠯ᠎ᠠ ᠨᠤᠲᠤᠭ ᠲᠤ ᠪᠡᠨ ᠰᠡᠷᠭᠦᠨ ᠠᠮᠢᠯᠠᠬᠤ ᠵᠠᠪᠰᠢᠶᠠᠨ ᠤᠯᠭᠤᠭᠠᠴᠢ ᠭᠡᠮᠡᠨ ᠤᠬᠠᠭᠤᠯᠵᠠᠢ᠃

    ᠮᠠᠯᠴᠢᠨ ᠲᠠᠷᠢᠶᠠᠴᠢᠳ ᠦᠭᠡᠷ ᠮᠠᠯ ᠢᠶᠡᠨ ᠬᠤᠳᠠᠯᠳᠤᠨ ᠤᠢ ᠰᠢᠭᠤᠢ ᠶᠢᠨ ᠬᠠᠮᠠᠭᠠᠯᠠᠭᠴᠢᠳ ᠪᠤᠯᠵᠤ ᠤᠢ ᠰᠢᠭᠤᠢ ᠶᠢᠨ ᠰᠠᠯᠠᠭ᠎ᠠ ᠮᠦᠴᠢᠷ ᠤᠨ ᠬᠢᠨ ᠳᠤ ᠬᠠᠮᠵᠢᠨ ᠤᠶᠢᠵᠢᠭᠤᠯᠬᠤ ᠵᠡᠷᠭᠡ ᠪᠡᠷ ᠠᠮᠢ ᠠᠬᠤᠢ ᠶᠢᠨ ᠢᠨᠵᠸᠨ᠋ᠸᠷᠢᠩ ᠳᠤ ᠤᠷᠤᠯᠴᠠᠨ ᠡᠪᠳᠡᠭᠳᠡᠭᠰᠡᠨ ᠪᠡᠯᠴᠢᠭᠡᠷ ᠢ ᠰᠡᠷᠭᠦᠬᠡᠨ ᠵᠠᠰᠠᠪᠠ᠃

    ᠡᠯᠡᠰᠤ ᠶᠢ ᠲᠠᠨᠢᠵᠤ ᠡᠯᠡᠰᠤ ᠶᠢ ᠵᠠᠰᠠᠨ ᠦᠪᠡᠷ ᠢ ᠪᠡᠨ ᠠᠪᠤᠷᠠᠨ᠎ᠠ

    ᠬᠦᠮᠦᠰ ᠠᠯᠠᠱᠠ ᠶᠢᠨ ᠡᠯᠡᠰᠦ ᠶᠢ ᠵᠠᠰᠠᠬᠤ ᠶᠢ《ᠵᠢᠩᠸᠸᠢ ᠰᠢᠪᠠᠭᠤ ᠳᠠᠯᠠᠢ ᠶᠢ ᠲᠠᠭᠯᠠᠬᠤ 》 ᠬᠡᠮᠡᠨ ᠵᠦᠢᠷᠯᠡᠳᠡᠭ ᠪᠤᠯᠵᠠᠢ᠃ ᠨᠤᠲᠤᠭ ᠠᠭᠤᠳᠠᠮ ᠬᠦᠮᠦᠨ ᠴᠦᠭᠡᠨ ᠠᠯᠠᠱᠠ ᠶᠢᠨ ᠶᠡᠷᠦᠩᠬᠡᠢ ᠲᠠᠯᠠᠪᠠᠢ ᠨᠢ 7 ᠲᠦᠮᠡᠨ ᠺᠦᠸᠠᠳ᠋ ᠺᠢᠯᠦᠮᠸᠲ᠋ᠷ ᠪᠠᠶᠢᠳᠠᠭ ᠴᠤ ᠡᠯᠡᠰᠤᠨ ᠴᠦᠯ᠂ ᠭᠤᠪᠢ᠂ ᠡᠯᠡᠰᠦᠵᠢᠭᠰᠡᠨ ᠲᠠᠯ᠎᠎ᠠ ᠨᠤᠲᠤᠭ ᠭᠤᠷᠪᠠᠨ ᠤ ᠨᠢᠭᠡ ᠶᠢ ᠨᠢ ᠡᠵᠡᠯᠡᠳᠡᠭ᠂ ᠪᠠᠶᠢᠩᠭ᠋ᠤ ᠶᠢᠨ ᠰᠠᠭᠤᠭᠠᠯᠢ ᠬᠤᠷᠢᠨ ᠳᠦᠷᠪᠡᠬᠡᠨ ᠲᠦᠮᠡᠡ ᠬᠦᠮᠦᠨ ᠪᠤᠢ ᠃

    《ᠤᠰᠤᠨ ᠤ ᠡᠬᠢ ᠪᠠᠶᠠᠯᠢᠭ ᠬᠢᠵᠠᠭᠠᠷᠲᠠᠢ ᠡᠴᠡ ᠡᠷᠬᠡᠪᠰᠢ ᠲᠤᠷᠤᠭ ᠮᠤᠲᠤ ᠲᠠᠷᠢᠵᠤ᠂ ᠪᠢᠲᠡᠭᠦᠮᠵᠢᠯᠡᠬᠦ ᠪᠡᠷ ᠭᠤᠤᠯᠯᠠᠳᠠᠭ᠃ ᠡᠯᠡᠰᠤ ᠶᠢ ᠪᠢᠲᠡᠭᠦᠮᠵᠢᠯᠡᠵᠤ ᠤᠶᠢᠵᠢᠭᠤᠯᠬᠤ᠂ ᠨᠢᠰᠬᠦ ᠤᠩᠭᠤᠴᠠ ᠪᠡᠷ ᠤᠶᠢᠵᠢᠭᠤᠯᠬᠤ ᠪᠤᠯᠤᠨ ᠬᠦᠮᠦᠨ ᠤ ᠬᠦᠴᠦ ᠪᠡᠷ ᠤᠶᠢᠵᠢᠭᠤᠯᠬᠤ ᠶᠢ ᠤᠶᠠᠯᠳᠤᠭᠤᠯᠬᠤ ᠬᠡᠷᠡᠭᠲᠠᠢ》 ᠭᠡᠵᠤ ᠠᠯᠠᠱᠠ ᠠᠶᠢᠮᠠᠭ ᠤᠨ ᠤᠢ ᠰᠢᠭᠤᠢ ᠶᠢᠨ ᠦᠢᠯᠡᠰ ᠤᠨ ᠡᠯᠡᠰᠤ ᠶᠢ ᠵᠠᠰᠠᠬᠤ ᠰᠤᠳᠤᠯᠭᠠᠨ ᠤ ᠬᠦᠷᠢᠶᠡᠯᠡᠩ ᠤᠨ ᠳᠠᠷᠤᠭ᠎ᠠ ᠲᠢᠶᠠᠨ ᠶᠦ᠋ᠩ ᠵᠸᠨ ᠶᠠᠷᠢᠪᠠ᠃

    ᠲᠢᠶᠠᠨ ᠶᠦ᠋ᠩ ᠵᠸᠨ᠄《 ᠡᠯᠡᠰᠤ ᠶᠢ ᠵᠠᠰᠠᠬᠤ ᠳᠤ ᠤᠷᠢᠳᠠᠪᠠᠷ ᠡᠯᠡᠰᠤ ᠶᠢ ᠰᠡᠷᠭᠡᠶᠢᠯᠡᠨ᠎ᠠ᠂ ᠡᠯᠡᠰᠤ ᠶᠢ ᠰᠡᠷᠭᠡᠶᠢᠯᠡᠬᠦ ᠳᠤ ᠤᠷᠢᠳᠠᠪᠠᠷ ᠡᠯᠡᠰᠤ ᠶᠢ ᠲᠠᠨᠢᠬᠤ ᠬᠡᠷᠡᠭᠲᠠᠢ᠂ ᠡᠯᠡᠰᠤᠨ ᠴᠦᠯ ᠪᠠᠶᠠᠨ ᠪᠦᠷᠢᠲᠤ ᠪᠤᠯᠤᠨ᠎ᠠ ᠭᠡᠳᠡᠭ ᠨᠢ ᠰᠢᠨᠵᠢᠯᠡᠬᠦ ᠤᠬᠠᠭᠠᠨᠴᠢ ᠪᠢᠰᠢ᠂ ᠪᠡᠶᠡᠯᠡᠬᠦ ᠪᠤᠯᠤᠮᠵᠢ ᠦᠭᠡᠢ ᠭᠡᠷᠡᠭ᠃ ᠠᠯᠠᠱᠠ ᠶᠢᠨ ᠡᠯᠡᠰᠤ ᠶᠢ ᠵᠠᠰᠠᠬᠤ ᠤᠶᠢᠯᠠᠭᠠᠭᠳᠠᠬᠤᠨ ᠪᠤᠯ ᠬᠦᠮᠦᠨ ᠤ ᠦᠢᠯᠡ ᠡᠴᠡ ᠪᠤᠯᠵᠤ ᠡᠪᠳᠡᠭᠳᠡᠭᠰᠡᠨ ᠤᠷᠭᠤᠮᠠᠯ ᠤᠨ ᠬᠤᠴᠢᠯᠭ᠎ᠠ ᠶᠢ ᠰᠡᠷᠭᠦᠭᠡᠨ᠎ᠠ᠂ ᠪᠠᠶᠢᠭᠠᠯᠢ ᠶᠢᠨ ᠵᠢᠮ᠎ᠡ ᠶᠤᠰᠤ ᠪᠡᠷ ᠰᠤᠩᠭ᠋ᠤᠯᠲᠠ ᠬᠢᠬᠦ ᠨᠢ ᠵᠤᠬᠢᠰᠲᠠᠢ᠂ ᠤᠤᠯ ᠤᠨ ᠭᠠᠵᠠᠷ ᠤᠨ ᠭᠠᠳᠠᠷᠭᠤ ᠪᠤᠯᠤᠨ ᠪᠠᠶᠢᠭᠠᠯᠢᠯᠢᠬ ᠤᠷᠭᠤᠮᠠᠯ ᠤᠨ ᠪᠦᠷᠬᠦᠴᠡ ᠶᠢ ᠡᠪᠳᠡᠵᠤ ᠪᠤᠯᠬᠤ ᠦᠭᠡᠢ》 ᠭᠡᠯ᠎ᠠ᠃

    ᠬᠤᠲᠠᠨ ᠨᠠᠭᠤᠷ ᠭᠠᠴᠠᠭ᠎ᠠ 1992 ᠤᠨ ᠳᠤ ᠠᠯᠠᠱᠠ ᠶᠢᠨ ᠨᠢᠰᠬᠦ ᠤᠩᠭ᠋ᠤᠴᠠ ᠪᠡᠷ ᠤᠶᠢᠵᠢᠭᠤᠯᠬᠤ ᠪᠦᠰᠡ ᠪᠡᠷ ᠲᠤᠭᠲᠠᠭᠠᠭᠳᠠᠪᠠ᠂ ᠤᠳᠤᠬᠠᠨ ᠳᠤ ᠳᠡᠷᠪᠡᠯᠵᠢ᠂ ᠲᠤᠰᠤᠨ ᠲᠤᠷᠯᠤᠭ ᠵᠡᠷᠭᠡ ᠤᠷᠭᠤᠮᠠᠯ ᠨᠢ ᠡᠨᠡᠬᠦ ᠭᠠᠵᠠᠷ ᠤᠨ ᠭᠤᠤᠯ ᠤᠷᠭᠤᠮᠠᠯ ᠤᠨ ᠬᠤᠴᠢᠯᠭ᠎ᠠ ᠪᠤᠯᠵᠤ᠂ ᠦᠷᠦᠴᠡᠨ ᠳᠤᠨᠢ ᠡᠭᠦᠷᠯᠡᠭᠡ ᠰᠢᠪᠠᠭᠤᠳ ᠵᠢᠷᠭᠢᠨ ᠨᠢᠰᠴᠤ ᠦᠩᠭᠡᠷᠡᠭᠰᠡᠨ ᠤ ᠵᠤᠯᠪᠤᠭ᠎ᠠ ᠮᠠᠭᠤᠳᠠᠢ ᠨᠤᠲᠤᠭ ᠤᠳᠤ ᠠᠮᠢᠯᠠᠯ ᠢᠶᠡᠷ ᠲᠦᠬᠦᠷᠢᠭ᠌ ᠪᠢᠯᠬᠠᠨ᠎ᠠ᠃

    《ᠨᠤᠭᠤᠭᠠᠨ ᠪᠦᠰᠡᠯᠡᠭᠦᠷᠲᠤ ᠰᠢᠷ᠎ᠠ ᠯᠤᠤ》᠃ 30 ᠵᠢᠯ ᠤᠨ ᠲᠤᠷᠰᠢ᠂ ᠲᠡᠭᠷᠢ ᠡᠯᠡᠰᠤᠨ ᠤ ᠵᠡᠭᠦᠨ ᠡᠮᠦᠨ᠎ᠠ ᠵᠠᠬ᠎ᠠ᠂ ᠤᠯᠠᠭᠠᠨᠪᠦᠬ᠎ᠠ ᠶᠢᠨ ᠡᠯᠠᠰᠤᠨ ᠤ ᠪᠠᠷᠠᠭᠤᠨ ᠡᠮᠦᠨ᠎ᠠ ᠵᠠᠬ᠎ᠠ ᠳᠤ ᠨᠢᠰᠬᠦ ᠤᠩᠭ᠋ᠤᠴᠠ ᠪᠡᠷ ᠤᠶᠢᠵᠢᠭᠤᠯᠬᠤ ᠶᠢ ᠦᠢᠯᠡᠳᠦᠯᠭᠡᠵᠢᠭᠦᠯᠦᠭᠰᠡᠨ ᠡᠴᠡ ᠨᠤᠭᠤᠭᠠᠷᠠᠯᠲᠠ ᠶᠢᠨ ᠨᠤᠷᠮ᠎ᠠ 30% ᠶ᠋ᠢ ᠳᠠᠪᠠᠭᠰᠠᠨ ᠪᠦᠰᠡ ᠨᠤᠲᠤᠭ ᠤᠨ ᠲᠠᠯᠠᠪᠠᠢ 300 ᠲᠦᠮᠡᠨ ᠮᠦ ᠳᠤ ᠬᠦᠷᠴᠤ᠂ ᠤᠷᠳᠤ ᠪᠡᠷ ᠢᠶᠡᠨ 350 ᠺᠢᠯᠦᠮᠸᠲ᠋ᠷ᠂ ᠦᠷᠭᠡᠨ ᠢᠶᠡᠷ ᠢᠶᠡᠨ 3 ᠺᠢᠯᠦᠮᠸᠲ᠋ᠷ ᠤᠨ ᠡᠯᠡᠰᠤ ᠶᠢ ᠬᠤᠷᠢᠭᠯᠠᠨ᠂ ᠡᠯᠡᠰᠤ ᠶᠢ ᠵᠠᠰᠠᠬᠤ ᠪᠦᠰᠡᠯᠡᠭᠦᠷ ᠪᠤᠢ ᠪᠤᠯᠵᠤ ᠲᠡᠭᠷᠢ ᠡᠯᠡᠰᠤᠨ ᠤ ᠵᠡᠭᠦᠨᠰᠢ ᠨᠡᠭᠦᠬᠦ ᠪᠠ ᠤᠯᠠᠭᠠᠨᠪᠦᠬ᠎ᠠ ᠡᠯᠡᠰᠤᠨ ᠤ ᠲᠡᠯᠡᠯᠲᠡ ᠶᠢ ᠬᠤᠷᠢᠭᠯᠠᠪᠠ᠃

    《ᠪᠢᠳᠡ ᠵᠢᠯ ᠤᠨ ᠳᠤᠨᠳᠠᠰᠤᠨ ᠤ ᠬᠡᠮᠵᠢᠶ ᠠ 200 ᠮᠢᠯᠯᠢᠮᠸᠲ᠋ᠷ ᠬᠦᠷᠬᠦ ᠦᠭᠡᠢ ᠡᠯᠡᠰᠤᠨ ᠴᠦᠯ  ᠳᠤ ᠨᠢᠰᠬᠦ ᠤᠩᠭ᠋ᠤᠴᠠ ᠪᠡᠷ ᠤᠶᠢᠵᠢᠭᠤᠯᠵᠤ ᠪᠤᠯᠬᠤ ᠦᠭᠡᠢ ᠭᠡᠰᠡᠨ ᠤᠯᠠᠨ ᠤᠯᠤᠰ ᠤᠨ ᠮᠠᠭᠤᠳᠯᠠᠯ ᠢ ᠡᠪᠳᠡᠪᠠ᠂ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠡᠯᠡᠰᠤ ᠶᠢ ᠵᠠᠰᠠᠬᠤ ᠲᠦᠯᠦᠭᠡᠯᠡᠭᠴᠢ ᠠᠯᠠᠱᠠ ᠶᠢᠨ ᠨᠢᠰᠬᠦ ᠤᠩᠭ᠋ᠤᠴᠠ ᠪᠡᠷ ᠤᠶᠢᠵᠢᠭᠤᠯᠬᠤ ᠢᠨ᠋ᠵᠸᠨᠸᠷᠢᠩ ᠢ 〈 ᠳᠤᠮᠳᠠᠳᠤ ᠤᠯᠤᠰ ᠤᠨ ᠡᠯᠡᠰᠤ ᠶᠢ ᠵᠠᠰᠠᠬᠤ ᠦᠯᠢᠭᠡᠷ ᠳᠠᠭᠤᠷᠢᠶᠠᠯ〉 ᠭᠡᠰᠡᠨ ᠶᠤᠮ》 ᠭᠡᠵᠤ ᠠᠯᠠᠱᠠ ᠠᠶᠢᠮᠠᠭ ᠤᠨ ᠤᠢ ᠰᠢᠭᠤᠢ ᠶᠢᠨ ᠲᠤᠪᠴᠢᠶᠠᠨ ᠤ ᠳᠡᠳ᠋ ᠲᠤᠪᠴᠢᠶᠠᠨ ᠳᠠᠷᠤᠭ᠎ᠠ ᠴᠢᠶᠤᠤ ᠶᠦᠩ ᠰᠢᠶᠠᠩ ᠶᠠᠷᠢᠯ ᠠ᠃

    《ᠦᠷ᠎ᠠ ᠬᠤᠷᠢᠶᠠᠬᠤ ᠤᠯᠠᠷᠢᠯ ᠪᠤᠯᠤᠭᠰᠠᠭᠠᠷ ᠬᠦᠦ ᠮᠢᠨᠢ ᠬᠦᠬᠡᠬᠤᠲᠠ ᠡᠴᠡ ᠢᠷᠡᠵᠤ ᠪᠢᠳᠡᠨ ᠢ ᠬᠠᠪᠰᠤᠷᠴᠤ ᠦᠷ᠎ᠠ ᠬᠤᠷᠢᠶᠠᠨ ᠦᠷ᠎ᠠ ᠪᠡᠨ ᠤᠢ ᠰᠢᠭᠤᠢ ᠶᠢᠨ ᠰᠠᠯᠠᠭ᠎ᠠ ᠮᠦᠴᠢᠷ ᠲᠤ ᠬᠤᠳᠠᠯᠳᠤᠳᠠᠭ᠃ ᠠᠮᠢ ᠠᠬᠤᠢ ᠶᠢᠨ ᠨᠦᠬᠦᠪᠦᠷᠢ᠂ ᠤᠢ ᠰᠢᠭᠤᠢ ᠶᠢᠨ ᠬᠠᠮᠠᠭᠠᠯᠠᠭᠴᠢ ᠶᠢᠨ ᠤᠷᠤᠯᠭ᠎ᠠ ᠪᠠ ᠦᠷ᠎ᠠ ᠬᠤᠳᠠᠯᠳᠤᠭᠰᠠᠨ ᠬᠡᠲᠦᠨ ᠲᠦᠮᠡᠨ ᠲᠦᠬᠦᠷᠢᠭ᠌ ᠤᠨ ᠤᠷᠤᠯᠭ᠎ᠠ  ᠨᠡᠶᠢᠯᠡᠭᠡᠳ ᠬᠦᠦ ᠳᠤ ᠪᠡᠨ ᠦᠭ᠍ᠬᠦ ᠪᠠ ᠬᠦᠦ ᠪᠡᠷᠢ ᠶᠢᠨ ᠢᠶᠡᠨ ᠰᠤᠷᠤᠯᠭ᠎ᠠ ᠶᠢᠨ ᠰᠦᠢᠳᠭᠡᠯ ᠢ ᠲᠤᠰᠢᠶᠠᠬᠤ ᠳᠤ ᠬᠦᠷᠴᠢᠬᠡᠨ᠎ᠠ》 ᠭᠡᠵᠤ ᠵᠤᠤ ᠵᠢᠶᠦ᠋ᠨ ᠯᠢᠶᠠᠨ ᠰᠢᠷᠭᠤᠤᠯ ᠡᠴᠡ ᠪᠡᠨ ᠬᠦᠦ ᠪᠡᠷᠢ ᠶᠢᠨ ᠢᠶᠡᠨ ᠳ᠋ᠤᠺᠲ᠋ᠤᠷᠠᠨᠲ ᠲᠡᠭᠦᠰᠬᠦ ᠦᠶ᠎ᠠ ᠶᠢᠨ ᠵᠢᠷᠤᠭ ᠢ ᠭᠠᠷᠭᠠᠵᠤ ᠰᠤᠷᠪᠤᠯᠵᠢᠯᠠᠭᠴᠢ ᠳᠤ ᠦᠵᠡᠭᠦᠯᠦᠨ᠎ᠠ᠃

    《 ᠠᠮᠢᠳᠤᠷᠠᠯ ᠰᠠᠶᠢᠵᠢᠷᠠᠵᠠᠢ᠂ ᠬᠦᠦ ᠪᠢᠳᠡᠨ ᠢ ᠬᠦᠬᠡᠬᠤᠲᠠ ᠳᠤ ᠰᠠᠭᠤᠯᠭᠠᠬᠤ ᠰᠠᠨᠠᠭᠠᠲᠠᠢ᠂ ᠭᠡᠪᠡᠴᠤ ᠪᠢᠳᠡ ᠡᠨᠳᠡ ᠡᠴᠡ ᠪᠡᠨ ᠰᠠᠯᠵᠤ ᠲᠦᠪᠳᠡᠬᠦ ᠦᠭᠡᠢ ᠪᠠᠶᠢᠨ᠎ᠠ》 ᠭᠡᠵᠤ ᠡᠪᠤᠭᠡᠨ ᠨᠢ ᠵᠠᠯᠭᠠᠵᠤ ᠶᠠᠷᠢᠪᠠ᠃

    ᠨᠤᠭᠤᠭᠠᠨ ᠬᠦᠭ᠍ᠵᠢᠯᠲᠠ ᠠᠰᠢᠭ ᠤᠷᠤᠯᠭ᠎ᠠ ᠶᠢ ᠨᠡᠮᠡᠭᠳᠡᠭᠦᠯᠦᠨ᠎ᠠ

    ᠦᠩᠭᠡᠷᠡᠭᠰᠡᠨ ᠳᠤ᠂ ᠲᠤᠬᠠᠢ ᠶᠢᠨ ᠪᠦᠰᠡ ᠨᠤᠲᠤᠭ ᠤᠨ ᠬᠦᠮᠦᠰ ᠠᠯᠠᠱᠠ ᠠᠭᠤᠯᠠ ᠶᠢᠨ ᠲᠡᠷᠲᠡᠭᠡᠬᠢ ᠢᠷᠭᠠᠢ ᠬᠤᠲᠠ  ᠶᠢ ᠪᠠᠷᠠᠯᠠᠨ ᠰᠡᠭᠦᠷᠡᠰᠦᠯᠡᠳᠡᠭ᠂ ᠨᠢᠭᠡ ᠯᠠ ᠠᠭᠤᠯᠠ ᠠᠯᠤᠰᠯᠠᠭᠠᠳ ᠦᠪᠴᠢ ᠪᠡᠷ ᠢᠶᠡᠨ ᠨᠤᠭᠤᠭᠠᠨ  ᠪᠠᠶᠢᠳᠠᠭ ᠲᠤ ᠨᠢ ᠭᠠᠶᠢᠬᠠᠰᠢᠷᠠᠵᠤ᠂ ᠪᠠᠶᠢᠭᠠᠯᠢ ᠶᠢᠷᠲᠢᠨᠴᠤ ᠠᠯᠠᠱᠠ ᠠᠶᠢᠮᠠᠭ ᠤᠨ ᠠᠮᠢ ᠠᠬᠤᠢ ᠳᠤ ᠭᠤᠤᠯᠴᠢ ᠪᠤᠰᠤ ᠬᠡᠮᠡᠨ ᠭᠤᠮᠤᠳᠠᠳᠠᠭ ᠪᠠᠶᠢᠯ᠎ᠠ᠃

    ᠵᠡᠭᠦᠨ ᠪᠡᠯ ᠭᠠᠴᠠᠭᠠᠨ ᠤ ᠮᠠᠯᠴᠢᠨ ᠾᠸ ᠮᠸᠢ ᠶᠢᠩ ᠪᠤᠯ ᠲᠡᠳᠡᠨ ᠤ ᠳᠤᠮᠳᠠᠬᠢ ᠨᠢᠭᠡ ᠨᠢ ᠪᠠᠶᠢᠯ᠎ᠠ᠂ ᠾᠸ ᠮᠸᠢ ᠶᠢᠩ ᠤᠨ ᠬᠢ ᠤᠤᠯ ᠳᠤ ᠪᠡᠨ ᠮᠠᠯᠵᠢᠬᠤ ᠠᠮᠢᠳᠤᠷᠠᠯ ᠬᠢᠵᠤ ᠪᠠᠶᠢᠭᠰᠠᠨ᠂ ᠪᠠᠯᠴᠢᠭᠡᠷ ᠤᠨ ᠳᠠᠭᠠᠭᠠᠴᠠ ᠬᠡᠲᠤᠷᠡᠭᠰᠡᠨ ᠡᠴᠡ ᠲᠤᠬᠠᠢ ᠶᠢᠨ ᠪᠦᠰᠡ ᠨᠤᠲᠤᠭ ᠤᠨ ᠪᠠᠶᠢᠭᠠᠯᠢᠯᠢᠬ ᠵᠠᠭ ᠤᠨ ᠤᠢ ᠡᠪᠳᠡᠭᠳᠡᠵᠠᠢ᠃

    2011 ᠤᠨ ᠳᠤ᠂ ᠠᠯᠠᠱᠠ ᠵᠡᠭᠦᠨ ᠬᠤᠰᠢᠭᠤᠨ ᠤ ᠤᠢ ᠰᠢᠭᠤᠢ ᠶᠢᠨ ᠲᠤᠪᠴᠢᠶ᠎ᠠ ᠲᠤᠷᠰᠢᠨ ᠰᠤᠳᠤᠯᠬᠤ ᠪᠡᠷ ᠳᠠᠮᠵᠢᠨ ᠡᠨᠳᠡ ᠤᠤᠯ ᠡᠴᠡ ᠪᠡᠨ ᠪᠠᠶᠢᠭᠰᠠᠨ ᠵᠠᠭ  ᠮᠤᠲᠤ  ᠶᠢ ᠲᠠᠷᠢᠵᠤ ᠲᠤᠬᠠᠢ ᠶᠢᠨ ᠪᠦᠰᠡ ᠨᠤᠲᠤᠭ ᠤᠨ ᠮᠠᠯᠴᠢᠨ ᠲᠠᠷᠢᠶᠠᠴᠢᠳ ᠲᠠᠢ ᠬᠠᠮᠲᠤᠷᠠᠨ ᠵᠠᠭ ᠤᠨ ᠤᠢ ᠶᠢᠨ ᠰᠠᠭᠤᠷᠢᠨ  ᠪᠠᠶᠢᠭᠤᠯᠤᠨ ᠡᠯᠡᠰᠤ ᠶᠢ ᠰᠡᠷᠭᠡᠶᠢᠯᠡᠨ ᠡᠯᠡᠰᠤ ᠶᠢ ᠵᠠᠰᠠᠨ᠎ᠠ᠂ ᠲᠠᠬᠢᠨ ᠭᠤᠷᠪᠠᠨ ᠵᠢᠯ ᠤᠨ ᠳᠠᠷᠠᠭ᠎ᠠ 40 ᠲᠦᠮᠡᠨ ᠮᠦ ᠵᠠᠭ ᠤᠨ ᠤᠢ ᠲᠠᠢ ᠪᠤᠯᠭᠠᠨ᠎ᠠ ᠭᠡᠵᠤ ᠳᠤᠷᠠᠳᠴᠠᠢ᠃

    ᠭᠤᠤᠯ ᠦᠳᠡ ᠳᠤ᠂ ᠨᠠᠷᠠᠨ ᠤ ᠭᠡᠷᠡᠯ ᠤᠷᠤᠢ ᠳᠡᠭᠡᠷ᠎ᠠ ᠡᠴᠡ ᠲᠦᠭᠡᠨᠡᠵᠤ᠂ ᠮᠸᠲ᠋ᠷ ᠬᠢᠷᠢᠲᠠᠢ ᠤᠷᠭᠤᠭᠰᠠᠨ ᠵᠠᠬ ᠤᠨ ᠤᠢ ᠠᠯᠭᠤᠷ ᠨᠠᠬᠢᠯᠵᠠᠨ᠎ᠠ᠂ ᠨᠢᠭᠡ ᠰᠢᠷᠬᠡᠭ᠌ ᠵᠠᠭ ᠤᠨ ᠦᠨᠳᠦᠰᠦ ᠨᠢ ᠨᠢᠭᠡ ᠬᠡᠰᠡᠭ ᠡᠯᠡᠰᠤ ᠶᠢ ᠲᠤᠭᠲᠠᠭᠠᠵᠤ ᠴᠢᠳᠠᠳᠠᠭ᠂ ᠵᠠᠭ ᠮᠤᠳᠤᠨ ᠤ ᠦᠨᠳᠦᠰᠦ ᠨᠢ ᠭᠦᠨ ᠪᠤᠯᠤᠭᠰᠠᠭᠠᠷ ᠠᠷᠪᠢᠨ ᠲᠦᠷᠦᠯ ᠤᠨ ᠡᠮ ᠳᠤ ᠤᠷᠤᠲᠠᠭ ᠴᠠᠭᠠᠨ ᠭᠤᠶᠤᠤ ᠶᠢ ᠵᠠᠯᠭᠠᠨ ᠤᠷᠭᠤᠭᠤᠯᠵᠤ ᠪᠤᠯᠳᠠᠭ᠃

    ᠾᠸ ᠮᠸᠢ ᠶᠢᠩ ᠵᠡᠭᠦᠨ ᠪᠡᠯ ᠪᠠᠯᠭᠠᠰᠤᠨ ᠤ ᠤᠢ ᠰᠢᠭᠤᠢ ᠶᠢᠨ ᠠᠵᠢᠯᠯᠠᠬᠤ ᠦᠷᠲᠡᠭᠡᠨ ᠤ ᠳᠠᠷᠤᠭ᠎ᠠ ᠰᠢᠦᠢ ᠯᠢ ᠹᠸᠩ ᠤᠨ ᠵᠢᠯᠤᠭᠤᠳᠤᠯᠭ᠎ᠠ ᠳᠤᠤᠷ᠎ᠠ ᠮᠠᠰᠢᠨ ᠵᠢᠯᠤᠭᠤᠳᠴᠤ ᠨᠦᠬᠡ ᠮᠠᠯᠲᠠᠨ ᠵᠠᠭ ᠤᠨ ᠬᠠᠵᠠᠭᠤ ᠳᠤ ᠴᠠᠭᠠᠨ ᠭᠤᠶᠤᠤ ᠲᠠᠷᠢᠬᠤ ᠪᠡᠷ ᠪᠤᠢ᠃

    《 ᠵᠠᠭ ᠮᠤᠲᠤ ᠲᠠᠷᠢᠭᠰᠠᠨ ᠠᠩᠬᠠᠨ ᠤ ᠵᠢᠯ ᠳᠤ ᠵᠠᠪᠠᠯ ᠭᠤᠷᠪᠠ ᠤᠳᠠᠭ᠎ᠠ ᠤᠰᠤᠯᠠᠬᠤ ᠬᠡᠷᠡᠭᠲᠡᠢ᠂ ᠨᠢᠭᠡᠳᠦᠭᠡᠷ ᠵᠢᠯ ᠢ ᠲᠤᠭᠤᠯᠠᠴᠢᠬᠠᠪᠠᠯ ᠬᠤᠷ᠎ᠠ ᠳᠤᠨᠳᠠᠰᠤᠨ ᠤ ᠬᠦᠴᠤ ᠪᠡᠷ ᠤᠷᠭᠤᠴᠢᠬᠠᠨ᠎ᠠ᠂ ᠭᠤᠷᠪᠠᠨ ᠵᠢᠯ ᠤᠨ ᠳᠠᠷᠠᠭ᠎ᠠ ᠴᠠᠭᠠᠨ ᠭᠤᠶᠤᠤ ᠶᠢ ᠵᠠᠯᠭᠠᠵᠤ ᠪᠤᠯᠤᠨ᠎ᠠ》 ᠭᠡᠵᠤ ᠰᠢᠦᠢ ᠯᠢ ᠹᠸᠩ ᠶᠠᠷᠢᠨ᠎ᠠ᠃ ᠬᠦᠳᠡᠯᠮᠦᠷᠢ ᠶᠢᠨ ᠠᠰᠢᠭ ᠢ ᠮᠡᠳᠡᠷᠡᠭᠰᠡᠨ ᠮᠠᠯᠴᠢᠳ ᠤᠨ ᠡᠯᠡᠰᠤ ᠶᠢ ᠰᠡᠷᠭᠡᠶᠢᠯᠡᠵᠤ ᠡᠯᠡᠰᠤ ᠶᠢ ᠵᠠᠰᠠᠬᠤ ᠢᠳᠡᠪᠬᠢᠵᠢᠯ ᠤᠯᠠᠮ ᠦᠨᠳᠦᠷ ᠪᠤᠯᠵᠤ ᠨᠡᠭᠦᠵᠤ ᠶᠠᠪᠤᠭᠰᠠᠨ ᠬᠦᠮᠦᠰ ᠴᠤ ᠪᠤᠴᠠᠨ ᠢᠷᠡᠵᠡᠭᠡᠵᠠᠢ᠃

    ᠲᠢᠶᠠᠨ ᠶᠦ᠋ᠩ ᠵᠸᠨ᠄《 ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠠᠵᠤ ᠦᠢᠯᠡᠰᠵᠢᠵᠤ᠂ ᠠᠵᠤ ᠦᠢᠯᠡᠰ ᠤᠨ ᠪᠦᠲᠦᠭᠡᠨ ᠪᠠᠶᠢᠭᠤᠯᠤᠯᠲᠠ ᠠᠮᠢ ᠠᠬᠤᠶᠢᠵᠢᠨ᠎ᠠ᠂ ᠡᠨᠡᠬᠦ ᠬᠤᠶᠠᠷ ᠲᠠᠯ᠎ᠠ ᠡᠷᠬᠡᠪᠰᠢ ᠬᠠᠷᠢᠯᠴᠠᠨ ᠨᠦᠬᠦᠴᠡᠯᠳᠤᠬᠦ ᠬᠡᠷᠡᠭᠲᠡᠢ᠃ ᠠᠵᠤ ᠦᠢᠯᠡᠰ ᠤᠨ ᠳᠡᠮᠵᠢᠯᠭᠡ ᠲᠠᠢ ᠪᠤᠯᠪᠠᠯ ᠢᠷᠭᠡᠳ ᠤᠨ ᠢᠳᠡᠪᠬᠢᠵᠢᠯ ᠠᠠᠶᠠᠨᠳᠠᠭᠠᠨ ᠪᠤᠢ ᠪᠤᠯᠴᠢᠬᠠᠨ᠎ᠠ》 ᠭᠡᠨ᠎ᠠ᠃

    ᠴᠢᠶᠤᠤ ᠶᠦᠩ ᠰᠢᠶᠠᠩ ᠤᠨ ᠲᠠᠨᠢᠯᠴᠠᠭᠤᠯᠤᠭᠰᠠᠨ  ᠢᠶᠡᠷ᠂ 《13·5》ᠬᠦᠭ᠍ᠵᠢᠯᠲᠠ ᠶᠢᠨ ᠲᠦᠰᠦᠯ ᠤᠨ ᠬᠤᠭᠤᠴᠠᠭᠠᠨ ᠳᠤ᠂ ᠠᠯᠠᠱᠠ ᠠᠶᠢᠮᠠᠭ ᠵᠢᠯ ᠪᠦᠷᠢ ᠤᠢ ᠰᠢᠭᠤᠢ ᠶᠢᠨ ᠡᠯᠡᠰᠤ ᠶᠢ ᠪᠢᠲᠡᠭᠦᠮᠵᠢᠯᠡᠵᠤ ᠤᠶᠢᠵᠢᠭᠤᠯᠬᠤ᠂ ᠨᠢᠰᠬᠦ ᠤᠩᠭ᠋ᠤᠴᠠ ᠪᠡᠷ ᠤᠶᠢᠵᠢᠭᠤᠯᠬᠤ ᠪᠤᠯᠤᠨ ᠬᠦᠮᠦᠨ ᠤ ᠬᠦᠴᠦ ᠪᠡᠷ ᠤᠶᠢᠵᠢᠭᠤᠯᠬᠤ 100 ᠲᠦᠮᠡᠨ ᠮᠤ ᠶᠢᠨ ᠦᠢᠯᠡᠳᠪᠦᠷᠢᠯᠡᠯ ᠤᠨ ᠡᠭᠦᠷᠭᠡ ᠶᠢ ᠪᠡᠶᠡᠯᠡᠭᠦᠯᠵᠤ᠂ ᠤᠢ ᠰᠢᠭᠤᠢ ᠶᠢᠨ ᠪᠦᠷᠬᠦᠴᠡ ᠶᠢᠨ ᠨᠤᠷᠮ᠎ᠠ ᠨᠢ ᠵᠠᠭᠤᠨ ᠤ ᠬᠠᠷᠢᠴᠠᠯ ᠢᠶᠡᠷ1 ᠪᠡᠷ ᠨᠡᠮᠡᠭᠳᠡᠭᠰᠡᠨ ᠪᠠᠶᠢᠨ᠎ᠠ᠃

    ᠠᠯᠠᠱᠠ  ᠭᠡᠳᠡᠭ ᠨᠢ《 ᠦᠩᠭᠡ ᠢᠯᠭᠠᠷᠠᠭᠰᠠᠨ ᠭᠠᠵᠠᠷ》 ᠭᠡᠰᠡᠨ ᠤᠳᠬ᠎ᠠ ᠲᠠᠢ᠃ ᠤᠳᠤ ᠠᠯᠠᠱᠠ ᠦᠨᠡᠨᠬᠦ ᠦ᠌ᠩᠭᠡ ᠢᠯᠭᠠᠷᠠᠵᠤ ᠪᠤᠢ᠃ ᠠᠯᠠᠱᠠ ᠠᠭᠤᠯᠠᠨ ᠳᠤ ᠨᠢ ᠭᠠᠴᠤᠷ᠎ᠠ ᠨᠤᠭᠤᠭᠠᠷᠠᠵᠤ᠂ ᠡᠵᠡᠨ᠎ᠠ ᠶᠢᠨ ᠲᠤᠤᠷᠠᠢ ᠰᠢᠷᠭᠠᠯᠲᠤᠨ᠂ ᠵᠠᠭ ᠤᠨ ᠤᠢ ᠠᠮᠢᠯᠠᠯ ᠢᠶᠡᠷ ᠪᠢᠯᠬᠠᠵᠤ᠂ ᠲᠠᠷᠢᠮᠠᠯ ᠤᠢ ᠡᠯᠡᠰᠤ ᠶᠢ ᠪᠦᠰᠡᠯᠡᠵᠤ᠂ ᠪᠠᠶᠠᠨ ᠪᠦᠷᠢᠲᠤ ᠶᠢᠨ ᠬᠤᠲᠠ ᠪᠠᠯᠭᠠᠰᠤ ᠠᠮᠢ ᠠᠬᠤᠢ ᠪᠡᠨ ᠬᠠᠮᠠᠭᠠᠯᠠᠨ᠂ ᠡᠯᠡᠰᠤᠨ ᠰᠢᠭᠤᠷᠭ᠎ᠠ ᠪᠠᠭᠠᠰᠴᠤ᠂ ᠨᠤᠭᠤᠭᠠᠨ ᠢᠶᠡᠷ ᠬᠠᠯᠬᠢᠯᠠᠵᠤ᠂ ᠠᠷᠠᠳ ᠤᠨ ᠠᠮᠢᠳᠤᠷᠠᠯ ᠰᠠᠶᠢᠵᠢᠷᠠᠨ ᠤᠢ ᠰᠢᠭᠤᠢ ᠶᠢᠨ ᠦᠢᠯᠡᠰ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠲᠤᠪᠤᠶᠢᠮ᠎ᠠ ᠠᠮᠵᠢᠯᠲᠠ ᠤᠯᠵᠠᠢ᠃ ᠡᠨᠡᠬᠦ ᠬᠠᠭᠠᠰ ᠵᠠᠭᠤᠨ ᠤ《 ᠬᠦᠮᠦᠨ ᠤᠬᠤᠷᠢᠬᠤ ᠡᠯᠡᠰᠤ ᠤᠬᠤᠷᠢᠬᠤ》 ᠲᠡᠮᠡᠴᠡᠭᠡᠨ ᠢᠶᠡᠷ ᠴᠦᠬᠡᠨ ᠪᠤᠰᠤ ᠬᠦᠮᠦᠰ ᠡᠯᠡᠰᠤ ᠲᠠᠢ ᠵᠤᠬᠢᠴᠠᠨ ᠠᠮᠢᠳᠤᠷᠠᠬᠤ ᠤᠬᠠᠭᠠᠨ ᠢ ᠤᠶᠢᠯᠠᠭᠠᠵᠤ᠂ ᠤᠳᠤᠬᠢ ᠪᠤᠯᠪᠠᠰᠤᠨ ᠤ ᠠᠮᠢᠳᠤᠷᠠᠯ ᠡᠷᠬᠡᠪᠰᠢ ᠪᠠᠶᠢᠭᠠᠯᠢ ᠶᠢᠨ ᠬᠤᠪᠢᠰᠤᠯ  ᠢ ᠮᠦᠷᠳᠡᠬᠦ ᠶᠤᠰᠤᠲᠠᠢ ᠶᠢ ᠤᠬᠠᠭᠠᠷᠠᠭᠰᠠᠨ ᠶᠤᠮ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121470689