蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ ᠤᠨ ᠴᠦᠯᠵᠢᠯ ᠪᠠ ᠡᠯᠡᠰᠦᠵᠢᠯ ᠤᠨ ᠲᠠᠯᠠᠪᠠᠢ 15 ᠵᠢᠯ ᠲᠠᠷᠠᠭᠠᠯᠠᠨ《 ᠬᠤᠤᠰ ᠪᠠᠭᠤᠷᠠᠯᠲᠠ》 ᠲᠠᠢ

2017-08-11 21:46

    ᠮᠠᠨ ᠤ ᠤᠯᠤᠰ ᠤᠨ ᠤᠮᠠᠷᠠᠳᠤ ᠶᠢᠨ ᠴᠢᠬᠤᠯᠠ ᠠᠮᠢ ᠠᠬᠤᠢ ᠶᠢᠨ ᠠᠶᠤᠯᠬᠦᠢ ᠶᠢᠨ ᠬᠠᠯᠬᠠᠪᠴᠢ ᠪᠤᠯᠤᠭᠰᠠᠨ ᠤ ᠬᠤᠪᠢ ᠳᠤ ᠦᠪᠦᠷ ᠮᠤᠩᠭ᠋ᠤᠯ ᠴᠦᠯᠵᠢᠯ ᠢ ᠵᠠᠰᠠᠭᠰᠠᠨ ᠨᠢ ᠤᠯᠤᠰ ᠲᠠᠶᠠᠭᠠᠷ ᠤᠨ ᠠᠩᠬᠠᠷᠤᠯ ᠳᠤ ᠤᠷᠤᠭᠰᠠᠨ ᠪᠠᠶᠢᠨ᠎ᠠ᠃ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠨᠤᠭᠤᠭᠠᠷᠠᠭᠤᠯᠤᠯᠳᠠ ᠬᠢᠬᠦ᠂ ᠨᠤᠭᠤᠭᠠᠷᠠᠭᠤᠯᠤᠯᠳᠠ ᠪᠠᠷ ᠢᠷᠭᠡᠳ ᠲᠤ ᠠᠰᠢᠭ ᠬᠦᠷᠲᠡᠭᠡᠬᠦ ᠪᠤᠯᠪᠠᠰᠤᠨ ᠤ ᠬᠦᠭ᠍ᠵᠢᠯᠳᠡ ᠶᠢᠨ ᠵᠠᠮ ᠢᠶᠡᠷ ᠵᠠᠮᠨᠠᠬᠤ ᠶᠢ ᠪᠠᠷᠢᠮᠳᠠᠯᠠᠬᠰᠠᠨ ᠡᠴᠡ ᠤᠷᠤᠨ ᠲᠠᠶᠠᠭᠠᠷ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠳᠠ ᠵᠢᠯ ᠪᠦᠷᠢ 1000 ᠲᠦᠮᠡᠨ ᠮᠦ ᠶᠢᠨ ᠠᠬᠢᠴᠠ ᠪᠡᠷ ᠤᠷᠤᠭᠰᠢᠯᠠᠵᠤ᠂ 《 ᠪᠦᠬᠦᠯᠢ ᠴᠤᠭᠴᠠ ᠶᠢᠨ ᠡᠪᠳᠡᠭᠳᠡᠯ ᠤᠳᠠᠭᠠᠰᠢᠷᠠᠵᠤ᠂ ᠨᠤᠭᠤᠭᠠᠷᠠᠭᠤᠯᠤᠯᠳᠠ ᠶᠢᠨ ᠪᠦᠰᠡ ᠢᠯᠡᠷᠬᠡᠢ ᠨᠡᠮᠡᠭᠳᠡᠭᠰᠡᠨ》 ᠰᠢᠨ᠎ᠡ ᠪᠠᠶᠢᠳᠠᠯ ᠳᠤ ᠤᠷᠤᠵᠠᠢ᠃

    ᠡᠯᠡᠰᠦ ᠲᠦᠷᠢᠵᠤ ᠬᠦᠮᠦᠨ ᠤᠬᠤᠷᠢᠳᠠᠭ ᠪᠠᠶᠢᠭᠰᠠᠨ ᠡᠴᠡ ᠪᠠᠨ ᠡᠯᠡᠰᠦ ᠤᠬᠤᠷᠢᠵᠤ ᠬᠦᠮᠦᠨ ᠲᠦᠷᠢᠬᠦ ᠪᠤᠯᠳᠠᠯ᠎ᠠ᠂ ᠦᠪᠦᠷ ᠮᠤᠩᠭ᠋ᠤᠯ ᠤᠨ ᠠᠮᠢ ᠠᠬᠤᠢ ᠶᠢᠨ ᠤᠷᠴᠢᠨ ᠲᠤᠭᠤᠷᠢᠨ ᠪᠦᠷᠢᠨ ᠲᠡᠬᠦᠯᠳᠡᠷ ᠡᠷᠬᠢᠯᠳᠡ ᠶᠢ ᠪᠡᠶᠡᠯᠡᠬᠦᠯᠦᠭᠰᠡᠨ ᠶᠤᠮ᠃ ᠤᠯᠤᠰ ᠲᠠᠶᠠᠭᠠᠷ ᠲᠤ ᠵᠢᠷᠭᠤᠭᠠᠨ ᠲᠤᠮᠤ ᠤᠢ ᠰᠢᠭᠤᠢ  ᠠᠮᠢ ᠠᠬᠤᠢ ᠶᠢᠨ ᠴᠢᠬᠤᠯᠠ ᠢᠨᠵᠧᠨᠧᠷᠢᠩ ᠢ ᠪᠦᠬᠦ ᠲᠠᠯ᠎ᠠ ᠪᠡᠷ ᠪᠦᠷᠬᠦᠬᠦᠯᠦᠭ᠍ᠰᠡᠨ ᠴᠤᠷ ᠤᠨ ᠭᠠᠭᠴᠠ ᠮᠤᠵᠢ ᠤᠷᠤᠨ ᠪᠤᠯᠤᠭᠰᠠᠨ ᠤ ᠬᠤᠪᠢ ᠳᠤ᠂ 《 ᠭᠤᠷᠪᠠᠨ ᠤᠮᠠᠷᠠᠳᠤ》 ᠶᠢᠨ ᠬᠠᠯᠬᠠᠪᠴᠢ ᠤᠢ ᠶᠢᠨ ᠪᠠᠶᠢᠭᠤᠯᠤᠯᠳᠠ᠂ ᠪᠡᠭᠡᠵᠢᠩ ᠲᠢᠶᠠᠨᠵᠢᠨ ᠤ ᠰᠢᠷᠤᠶᠢᠨ ᠰᠢᠭᠤᠷᠭ᠎ᠠ ᠶᠢᠨ ᠡᠬᠢ ᠶᠢ ᠵᠠᠰᠠᠬᠤ᠂ ᠬᠠᠭᠠᠯᠪᠤᠷᠢᠯᠠᠬᠤ ᠪᠠᠨ ᠵᠤᠭᠰᠤᠵᠤ ᠤᠶᠢᠵᠢᠭᠤᠯᠬᠤ᠂ ᠪᠠᠶᠢᠭᠠᠯᠢᠯᠢᠬ ᠤᠢ ᠶᠢᠨ ᠬᠠᠮᠠᠭᠠᠯᠠᠯᠳᠠ ᠵᠡᠷᠬᠡ ᠤᠯᠤᠰ ᠤᠨ ᠴᠢᠬᠤᠯᠠ ᠢᠨᠵᠧᠨᠧᠷᠢᠩ ᠤᠷᠢᠳ ᠬᠤᠵᠢᠳ ᠦᠪᠦᠷ ᠮᠤᠩᠭ᠋ᠤᠯ ᠳᠤ ᠡᠷᠴᠢᠮᠳᠡᠢ ᠶᠠᠪᠤᠭᠳᠠᠵᠠᠢ᠃ ᠲᠠᠪᠤᠳᠠᠬᠢ ᠡᠬᠡᠯᠵᠢ ᠶᠢᠨ ᠴᠦᠯᠵᠢᠯ ᠪᠠ ᠡᠯᠡᠰᠦᠵᠢᠯ ᠤᠨ ᠲᠠᠯᠠᠪᠠᠢ ᠶᠢᠨ ᠬᠢᠨᠠᠨ ᠰᠢᠯᠭᠠᠯᠳᠠ ᠶᠢᠨ ᠳ᠋ᠦᠩ ᠢ ᠦᠨᠳᠦᠰᠦᠯᠡᠪᠡᠯ᠂ ᠦᠪᠦᠷ ᠮᠤᠩᠭ᠋ᠤᠯ ᠤᠨ ᠴᠦᠯᠵᠢᠯ ᠡᠯᠡᠰᠦᠵᠢᠯ ᠤᠨ ᠲᠠᠯᠠᠪᠠᠢ 15 ᠵᠢᠯ ᠲᠠᠷᠠᠭᠠᠯᠠᠨ ᠬᠤᠤᠰᠯᠠᠨ ᠪᠠᠭᠤᠷᠠᠵᠤ᠂ ᠤᠷᠤᠨ ᠲᠠᠶᠠᠭᠠᠷ ᠤᠨ ᠴᠦᠯᠵᠢᠯ ᠪᠠ ᠡᠯᠡᠰᠦᠵᠢᠯ ᠤᠨ ᠲᠠᠯᠠᠪᠠᠢ ᠨᠢ 2009 ᠤᠨ ᠤ ᠬᠢ ᠲᠠᠢ ᠬᠠᠷᠢᠴᠠᠭᠤᠯᠪᠠᠯ ᠲᠤᠰ ᠲᠤᠰ 625 ᠲᠦᠮᠡᠨ ᠮᠦ ᠪᠠ 515 ᠲᠦᠮᠡᠨ ᠮᠦ ᠪᠠᠭᠠᠰᠴᠠᠢ᠃ 5 ᠶᠡᠬᠡ ᠡᠯᠡᠰᠦᠨ ᠴᠦᠯ ᠤᠨ ᠬᠠᠪᠢ ᠪᠡᠷ ᠪᠦᠰᠡ ᠨᠤᠳᠤᠭ ᠤᠨ ᠡᠯᠡᠰᠦᠨ ᠤ ᠦᠷᠭᠡᠵᠢᠬᠦ ᠬᠠᠨᠳᠤᠰᠢ ᠶᠢ ᠬᠤᠷᠢᠭᠯᠠᠨ᠂ 2.6 ᠳ᠋ᠦᠩᠰᠢᠭᠤᠷ ᠮᠦ ᠰᠢᠷᠤᠶᠢᠨ ᠰᠢᠭᠤᠷᠭ᠎ᠠ ᠶᠢᠨ ᠬᠦᠨᠦᠬᠡᠯ ᠪᠤᠯᠤᠨ 1.9 ᠳ᠋ᠦᠩᠰᠢᠭᠤᠷ ᠮᠦ ᠢᠳᠡᠭᠳᠡᠭᠰᠡᠨ ᠬᠦᠷᠦᠰᠦ ᠵᠠᠰᠠᠭᠳᠠᠵᠤ᠂ 8000 ᠲᠦᠮᠡᠨ ᠮᠦ ᠲᠠᠷᠢᠶᠠᠨ ᠭᠠᠵᠠᠷ᠂ 1.5 ᠳ᠋ᠦᠩᠰᠢᠭᠤᠷ ᠦᠨᠳᠦᠰᠦᠨ ᠪᠡᠯᠴᠢᠭᠡᠷ ᠤᠢ ᠶᠢᠨ ᠲᠤᠤᠷ ᠤᠨ ᠬᠠᠮᠠᠭᠠᠯᠠᠯᠳᠠ ᠳᠤ ᠤᠷᠤᠵᠠᠢ᠃ ᠤᠯᠤᠰ ᠲᠠᠶᠠᠭᠠᠷ ᠤᠨ ᠶᠡᠷᠦᠩᠬᠡᠢ ᠬᠦᠮᠦᠨ ᠠᠮᠠ 1.8 % ᠳᠤ ᠬᠦᠷᠬᠦ ᠦᠭᠡᠢ ᠮᠤᠩᠭ᠋ᠤᠯᠴᠤᠳ ᠤᠨ ᠤᠶᠢᠵᠢᠭᠤᠯᠤᠭᠰᠠᠨ ᠲᠠᠯᠠᠪᠠᠢ ᠤᠯᠤᠰ ᠲᠠᠶᠠᠭᠠᠷ ᠤᠨ ᠶᠡᠷᠦᠩᠬᠡᠢ ᠲᠠᠯᠠᠪᠠᠢ ᠶᠢᠨ 10% ᠳᠤ ᠬᠦᠷᠴᠦ᠂ ᠰᠢᠷᠤᠶᠢᠨ ᠰᠢᠭᠤᠷᠭ᠎ᠠ ᠶᠢ ᠵᠠᠰᠠᠭᠰᠠᠨ ᠲᠠᠯᠠᠪᠠᠢ ᠨᠢ ᠤᠯᠤᠰ ᠲᠠᠶᠠᠭᠠᠷ ᠤᠨ ᠰᠢᠷᠤᠶᠢᠨ ᠰᠢᠭᠤᠷᠭ᠎ᠠ ᠶᠢᠨ ᠬᠦᠨᠦᠬᠡᠯ ᠤᠨ ᠶᠡᠷᠦᠩᠬᠡᠢ ᠲᠠᠯᠠᠪᠠᠢ ᠶᠢᠨ 10% ᠶᠢ ᠲᠠᠪᠠᠵᠤ᠂ ᠤᠯᠤᠰ ᠲᠠᠶᠠᠭᠠᠷ ᠤᠨ ᠠᠮᠢ ᠠᠬᠤᠢ ᠶᠢᠨ ᠡᠬᠢ ᠪᠠᠶᠠᠯᠢᠭ ᠢ ᠪᠦᠲᠦᠮᠵᠢᠳᠠᠢ ᠬᠠᠮᠠᠭᠠᠯᠠᠭᠰᠠᠨ ᠪᠠᠶᠢᠨ᠎ᠠ᠃

    ᠦᠪᠦᠷ ᠮᠤᠩᠭ᠋ᠤᠯ ᠤᠯᠠᠮᠵᠢᠯᠠᠯᠳᠤ ᠠᠮᠢ ᠠᠬᠤᠢ ᠶᠢᠨ ᠢᠨᠵᠧᠨᠧᠷᠢᠩ ᠢ ᠬᠡᠷᠡᠭᠵᠢᠭᠦᠯᠬᠦ ᠳᠤ ᠪᠡᠨ ᠴᠦᠯᠵᠢᠯ ᠢ ᠰᠡᠷᠬᠡᠶᠢᠯᠡᠬᠦ ᠶᠢᠨ ᠬᠠᠮᠳᠤ ᠴᠦᠯᠵᠢᠯ ᠢ ᠵᠠᠰᠠᠬᠤ ᠳᠤ ᠠᠵᠤ ᠦᠢᠯᠡᠰ ᠲᠠᠢ ᠤᠶᠠᠯᠳᠤᠭᠤᠯᠬᠤ ᠶᠢ ᠢᠳᠡᠪᠬᠢᠲᠡᠢ ᠰᠦᠪᠡᠭ᠍ᠴᠢᠯᠡᠵᠤ᠂ ᠴᠦᠯᠵᠢᠯ ᠢ ᠵᠠᠰᠠᠬᠤ ᠶᠢ ᠦᠷᠬᠦᠯᠵᠢ ᠶᠢᠨ ᠴᠢᠨᠠᠷ ᠲᠠᠢ ᠪᠤᠯᠭᠠᠭᠰᠠᠨ ᠶᠤᠮ᠃ ᠤᠳᠤᠬᠠᠨ ᠳᠤ᠂ ᠤᠷᠤᠨ ᠲᠠᠶᠠᠭᠠᠷ ᠤᠨ ᠤᠢ ᠡᠯᠡᠰᠦ ᠡᠪᠡᠰᠤᠨ ᠤ ᠦᠢᠯᠡᠰ ᠲᠦᠷᠭᠡᠨ ᠬᠦᠭ᠍ᠵᠢᠵᠤ᠂ ᠤᠢ ᠮᠤᠳᠤ ᠲᠠᠷᠢᠬᠤ᠂ ᠲᠤᠰᠬᠠᠢ ᠡᠳ᠋ ᠤᠨ ᠵᠠᠰᠠᠭ ᠤᠨ ᠤᠢ ᠲᠠᠷᠢᠬᠤ᠂ ᠡᠯᠡᠰᠦᠨ ᠤ ᠤᠷᠭᠤᠮᠠᠯ ᠤᠨ ᠡᠬᠢ ᠪᠠᠶᠠᠯᠢᠭ ᠢ ᠠᠰᠢᠭᠯᠠᠬᠤ᠂ ᠵᠡᠷᠯᠢᠭ᠌᠌ ᠠᠮᠢᠳᠤ ᠪᠤᠳᠠᠰ ᠢ ᠦᠷᠡᠵᠢᠬᠦᠯᠬᠦ ᠪᠤᠯᠤᠨ ᠣᠢ ᠰᠢᠭᠤᠢ ᠡᠯᠡᠰᠦᠨ ᠤ ᠠᠶᠠᠯᠠᠯ ᠵᠢᠭᠤᠯᠴᠢᠯᠠᠯ ᠵᠡᠷᠬᠡ ᠪᠡᠷ ᠭᠤᠤᠯ ᠴᠤᠭᠴᠠ ᠪᠤᠯᠭᠠᠭᠰᠠᠨ ᠤᠢ ᠰᠢᠭᠤᠢ ᠶᠢᠨ ᠠᠵᠤ ᠦᠢᠯᠡᠰ ᠤᠨ ᠰᠢᠰᠲ᠋ᠧᠮ ᠦᠪᠦᠷ ᠮᠤᠩᠭ᠋ᠤᠯ ᠳᠤ ᠦᠨᠳᠦᠰᠤᠯᠡᠨ ᠪᠤᠵᠠᠭᠠᠶᠢᠷᠠᠵᠤ᠂ ᠨᠠᠭᠠᠮᠠᠯ ᠬᠠᠪᠳᠠᠰᠤ᠂ ᠡᠮ ᠤᠨ ᠵᠦᠢᠯᠡᠰ᠂ ᠢᠳᠡᠭᠡᠨ ᠤᠮᠳᠠᠭᠠᠨ ᠵᠡᠷᠬᠡ ᠤᠢ ᠰᠢᠭᠤᠢ ᠶᠢᠨ ᠪᠦᠲᠦᠭᠡᠭ᠍ᠳᠡᠬᠦᠨ ᠤᠮᠠᠷᠠᠳᠤ ᠬᠢᠯᠢ ᠳᠤ ᠠᠯᠳᠠᠷ ᠮᠠᠨᠳᠤᠵᠠᠢ᠃

    《 ᠤᠳᠤᠬᠠᠨ ᠳᠤ ᠪᠠᠶᠢᠬ᠋᠎ᠠ ᠤᠢ ᠡᠪᠡᠰᠤ ᠤᠷᠭᠤᠮᠠᠯ ᠤᠨ ᠪᠦᠷᠬᠦᠴᠡ ᠶᠢ ᠬᠠᠮᠠᠭᠠᠯᠠᠬᠤ ᠪᠤᠯ ᠮᠠᠨ ᠤ ᠤᠯᠤᠰ ᠤᠨ ᠴᠦᠯᠵᠢᠯ ᠢ ᠵᠠᠰᠠᠬᠤ ᠴᠢᠬᠤᠯᠠ ᠭᠤᠭᠴᠤᠭ᠎ᠠ᠂ ᠡᠯᠡᠰᠦᠨ ᠪᠦᠰᠡ ᠶᠢᠨ ᠢᠷᠭᠡᠳ ᠤᠨ ᠠᠮᠢᠳᠤᠷᠠᠯ ᠤᠨ ᠠᠷᠭ᠎ᠠ ᠬᠡᠯᠪᠡᠷᠢ ᠶᠢ ᠬᠤᠪᠢᠷᠠᠭᠤᠯᠤᠨ ᠡᠯᠡᠰᠦᠨ ᠪᠦᠰᠡ ᠶᠢᠨ ᠤᠢ ᠡᠪᠡᠰᠤ ᠤᠷᠭᠤᠮᠠᠯ ᠤᠨ ᠪᠦᠷᠬᠦᠴᠡ ᠶᠢᠨ ᠲᠠᠷᠤᠭᠠᠰᠤ ᠶᠢ ᠪᠠᠭᠠᠰᠬᠠᠬᠤ ᠳᠤ ᠤᠢ᠂ ᠡᠯᠡᠰᠦ᠂ ᠡᠪᠡᠰᠤᠨ ᠤ ᠠᠵᠤ ᠦᠢᠯᠡᠰ ᠢ ᠬᠦᠭ᠍ᠵᠢᠬᠦᠯᠬᠦ ᠪᠡᠷ ᠡᠯᠡᠰᠦ ᠶᠢ ᠰᠡᠷᠬᠡᠶᠢᠯᠡᠨ ᠵᠠᠰᠠᠬᠤ ᠠᠵᠢᠯ ᠢ ᠲᠠᠶᠢᠴᠢᠯᠠᠪᠠᠯ ᠴᠦᠯᠵᠢᠯ ᠢ ᠰᠡᠷᠬᠡᠶᠢᠯᠡᠵᠤ ᠲᠡᠶᠢᠯᠬᠦ ᠪᠡᠷ ᠪᠠᠷᠠᠬᠤ ᠦᠭᠡᠢ ᠮᠠᠯᠴᠢᠨ ᠲᠠᠷᠢᠶᠠᠴᠢᠳ ᠤᠨ ᠤᠷᠤᠯᠭ᠎ᠠ ᠶᠢ ᠴᠤ ᠨᠡᠮᠡᠭᠳᠡᠬᠦᠯᠤᠨ᠎ᠠ᠃》 ᠬᠡᠵᠤ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠤᠢ ᠰᠢᠭᠤᠢ ᠶᠢᠨ ᠲᠢᠩᠬᠢᠮ ᠤᠨ ᠡᠯᠡᠰᠦ ᠵᠠᠰᠠᠵᠤ ᠤᠶᠢᠵᠢᠭᠤᠯᠬᠤ ᠭᠠᠵᠠᠷ ᠤᠨ ᠲᠠᠷᠤᠭ᠎ᠠ ᠬᠤᠤ ᠶᠦᠩ ᠹᠦ᠋ ᠶᠠᠷᠢᠵᠤ ᠪᠠᠶᠢᠯ᠎ᠠ᠃

    ᠤᠳᠤᠬᠠᠨ ᠳᠤ᠂ ᠦᠪᠦᠷ ᠮᠤᠩᠭ᠋ᠤᠯ ᠤᠨ ᠤᠢ ᠰᠢᠭᠤᠢ ᠶᠢᠨ ᠦᠢᠯᠡᠰ ᠤᠨ ᠶᠡᠷᠦᠩᠬᠡᠢ ᠦᠷᠳᠡᠭ ᠨᠢ 480 ᠳ᠋ᠦᠩᠰᠢᠭᠤᠷ ᠲᠦᠭᠦᠷᠢᠭ᠌ ᠲᠤ ᠬᠦᠷᠴᠦ᠂ ᠴᠦᠯᠵᠢᠯ ᠢ ᠰᠡᠷᠬᠡᠶᠢᠯᠡᠨ ᠵᠠᠰᠠᠬᠤ ᠪᠤᠯᠤᠨ ᠠᠵᠤ ᠦᠢᠯᠡᠰ ᠤᠨ ᠬᠦᠭ᠍ᠵᠢᠯᠳᠡ᠂ ᠮᠠᠯᠴᠢᠨ ᠲᠠᠷᠢᠶᠠᠴᠢᠳ ᠤᠨ ᠶᠠᠳᠠᠭᠤ ᠡᠴᠡ ᠠᠩᠬᠢᠵᠢᠷᠠᠨ ᠪᠠᠶᠠᠵᠢᠬᠤ ᠡᠷᠡᠬᠦᠯ ᠬᠦᠭ᠍ᠵᠢᠯᠳᠡ ᠶᠢᠨ ᠪᠠᠶᠢᠳᠠᠯ ᠨᠢᠬᠡᠨᠳᠡ ᠪᠦᠷᠢᠯᠳᠤᠵᠤ᠂ ᠡᠯᠡᠰᠦᠨ ᠤ ᠬᠠᠯᠠ ᠶᠢ ᠠᠮᠰᠠᠵᠤ ᠪᠠᠶᠢᠭᠰᠠᠨ ᠡᠴᠡ ᠪᠠᠨ ᠡᠯᠡᠰᠦ ᠤᠢ ᠶᠢ ᠤᠶᠠᠯᠳᠤᠭᠤᠯᠤᠬᠰᠠᠨ ᠶᠢᠡᠷ ᠦᠪᠦᠷ ᠮᠤᠩᠭ᠋ᠤᠯ ᠤᠨ ᠨᠤᠭᠤᠭᠠᠷᠠᠭᠤᠯᠤᠯᠳᠠ ᠤᠯᠠᠮ ᠢᠶᠡᠷ ᠰᠠᠶᠢᠵᠢᠷᠠᠵᠤ᠂ ᠨᠤᠭᠤᠭᠠᠨ ᠬᠦᠭ᠍ᠵᠢᠯᠳᠡ ᠳᠤ ᠪᠠᠳᠤ ᠰᠠᠭᠤᠷᠢ  ᠲᠠᠯᠪᠢᠭᠰᠠᠨ ᠪᠠᠶᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121470957