蒙古文网站Logo
ᠰᠢᠨᠬᠤᠸᠠ ᠮᠤᠩᠭ᠋ᠤᠯ ᠨᠧᠲ

ᠡᠬᠡ ᠤᠯᠤᠰ ᠤᠨ ᠤᠮᠠᠷᠠᠲᠤ ᠬᠢᠯᠢ 70 ᠵᠢᠯ ᠠᠮᠤᠷ ᠲᠤᠭᠲᠠᠭᠤᠨ

2017-08-14 09:58

    ᠰᠢᠨᠬᠤᠧᠠ ᠬᠤᠷᠢᠶ᠎ᠠ   ᠬᠦᠬᠡᠬᠤᠲᠠ ᠶᠢᠨ 8 ᠰᠠᠷ᠎ᠠ ᠶᠢᠨ 6 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢ ᠿᠧᠨ ᠬᠤ᠂ ᠯᠢᠦ ᠢ ᠳ᠋ᠧ ) 5 ᠤ ᠦᠷᠯᠦᠭᠡ ᠦᠦᠷ ᠤᠨ ᠲᠤᠶᠠᠭ᠎ᠠ ᠬᠦᠯᠦᠨ ᠪᠤᠶᠢᠷ ᠤᠨ ᠲᠠᠯ᠎ᠠ ᠨᠤᠲᠤᠭ ᠢ ᠬᠡᠶᠢᠬᠦᠯᠵᠦ ᠮᠠᠯᠴᠢᠨ ᠬᠦᠪᠡᠨᠵᠢᠬᠦ ᠠᠷᠠᠰᠤᠨ ᠭᠤᠲᠤᠯ ᠢᠶᠡᠨ ᠡᠮᠦᠰᠴᠦ᠂ ᠬᠠᠨᠴᠤᠢ ᠳ᠋ᠤᠨᠢ 《ᠮᠠᠯᠴᠢᠨ ᠬᠠᠷᠠᠭᠤᠯ ᠤᠨ ᠴᠡᠷᠢᠭ》ᠬᠡᠮᠡᠬᠦ ᠦᠰᠦᠭ ᠲᠠᠢ ᠬᠤᠪᠴᠠᠰᠤ ᠪᠠᠨ ᠡᠮᠦᠰᠦᠨ ᠮᠤᠲ᠋ᠤᠷ ᠢᠶᠡᠨ ᠤᠨᠤᠭᠠᠳ ᠭᠠᠷᠴᠤ ᠶᠠᠪᠤᠯ᠎ᠠ᠃ ᠢᠩᠭᠢᠭᠡᠳ ᠲᠡᠭᠦᠨ ᠤ ᠨᠢᠭᠡ ᠡᠲᠦᠷ ᠤᠨ ᠴᠠᠭᠲᠠᠨ ᠪᠠᠶᠢᠴᠠᠭᠠᠬᠤ ᠠᠵᠢᠯ ᠡᠬᠢᠯᠡᠪᠡ᠃ ᠬᠦᠪᠡᠨᠵᠢᠬᠦ ᠶᠢᠨ ᠬᠢ  ᠦᠪᠦᠷ ᠮᠤᠩᠭᠤᠯ ᠤᠨ ᠵᠡᠬᠦᠨ ᠬᠡᠰᠡᠭ ᠤᠨ ᠰᠢᠨ᠎ᠡ ᠪᠠᠷᠭᠤ ᠵᠡᠬᠦᠨ ᠬᠤᠰᠢᠭᠤᠨ ᠤ ᠨᠤᠮᠤᠨ ᠬᠠᠨ ᠪᠦᠷᠢᠲᠦ ᠭᠠᠴᠠᠭᠠᠨ ᠳ᠋ᠤ ᠰᠠᠭᠤᠷᠢᠰᠢᠵᠤ᠂ ᠠᠮᠠ ᠪᠦᠯᠢ ᠲᠦᠷᠪᠡᠬᠦᠯᠡ ᠪᠠᠨ ᠮᠤᠩᠭᠤᠯ ᠭᠡᠷ ᠲᠤ ᠠᠮᠢᠲᠤᠷᠠᠲᠠᠭ᠃ ᠡᠨᠡ ᠠᠶᠢᠯ ᠡᠴᠡ 2 ᠺᠢᠯᠤᠮᠧᠲ᠋ᠷ ᠶᠠᠪᠤᠬᠤ ᠦᠬᠡᠢ ᠪᠡᠷ ᠬᠢᠯᠢ ᠶᠢᠨ ᠱᠤᠭᠤᠮ ᠬᠦᠷᠲᠡᠭ ᠃

    ᠦᠪᠦᠷ ᠮᠤᠩᠭᠤᠯ ᠤᠨ 8400 ᠭᠠᠷᠤᠢ ᠭᠠᠵᠠᠷ ᠤᠷᠲᠤ ᠬᠢᠯᠢ ᠶᠢᠨ ᠱᠤᠭᠤᠮ ᠢ ᠬᠦᠪᠡᠨᠵᠢᠬᠦ ᠮᠡᠲᠦ ᠶᠢᠨ 3800 ᠭᠠᠷᠤᠢ ᠮᠠᠯᠴᠢᠨ 《ᠬᠠᠷᠠᠭᠤᠯ ᠤᠨ ᠴᠡᠷᠢᠭ》 ᠰᠠᠬᠢᠨ ᠬᠠᠮᠠᠭᠠᠯᠠᠵᠤ ᠪᠠᠶᠢᠲᠠᠭ᠃ 70 ᠵᠢᠯ ᠤᠨ ᠲᠤᠷᠰᠢ᠂ ᠲᠡᠲᠡ ᠴᠢᠯᠦᠭᠡᠯᠡᠬᠦ ᠴᠡᠷᠢᠭ ᠤᠨ ᠲᠠᠷᠤᠭ᠎ᠠ ᠪᠠᠶᠢᠯᠲᠤᠭᠴᠢ᠂ ᠲᠤᠲᠤᠭᠠᠲᠤ ᠶᠢ ᠬᠠᠮᠠᠭᠠᠯᠠᠬᠤ ᠬᠢᠯᠢ ᠶᠢᠨ ᠬᠠᠮᠠᠭᠠᠯᠠᠯᠲᠠ ᠶᠢᠨ ᠴᠠᠭᠲᠠᠭ᠎ᠠ ᠵᠢᠴᠢ ᠡᠯ᠎ᠡ ᠦᠨᠳᠦᠰᠦᠲᠡᠨ ᠤ ᠤᠯᠠᠨ ᠲᠦᠮᠡᠨ ᠲᠠᠢ ᠬᠠᠮᠲᠤ ᠪᠡᠷ ᠬᠢᠯᠢ ᠪᠠᠨ ᠬᠠᠮᠠᠭᠠᠯᠠᠵᠤ᠂ ᠬᠢᠯᠢ ᠪᠠᠨ ᠰᠠᠬᠢᠵᠤ ᠤᠯᠤᠰ ᠤᠷᠤᠨ ᠤ ᠠᠮᠤᠷ ᠲᠦᠪᠰᠢᠨ᠂ ᠨᠡᠶᠢᠭᠡᠮ ᠤᠨ ᠠᠮᠤᠷ ᠲᠤᠭᠲᠠᠭᠤᠨ ᠪᠠᠶᠢᠬᠤ ᠶᠢ ᠪᠠᠲᠤᠯᠠᠵᠤ᠂ ᠡᠬᠡ ᠤᠯᠤᠰ ᠤᠨ ᠤᠮᠠᠷᠠᠲᠤ ᠬᠢᠯᠢ ᠶᠢᠨ ᠠᠮᠤᠷ ᠲᠤᠭᠲᠠᠭᠤᠨ ᠬᠠᠯᠬᠠᠪᠴᠢ ᠶᠢ ᠪᠠᠶᠢᠭᠤᠯᠪᠠ᠃ ᠦᠪᠦᠷ ᠮᠤᠩᠭᠤᠯ ᠤᠨ ᠬᠢᠯᠢ ᠶᠢᠨ ᠱᠤᠭᠤᠮ ᠵᠡᠬᠦᠨ ᠪᠠᠷᠠᠭᠤᠨ ᠴᠢᠭᠯᠡᠯ ᠲᠠᠢ᠂ 8400 ᠭᠠᠷᠤᠢ ᠭᠠᠵᠠᠷ ᠤᠷᠲᠤ᠂ ᠮᠤᠩᠭᠤᠯ ᠤᠯᠤᠰ ᠪᠠ ᠤᠷᠤᠰ ᠲᠠᠢ ᠬᠢᠯᠢᠯᠡᠲᠡᠭ᠃ ᠡᠬᠡ ᠤᠯᠤᠰ ᠤᠨ ᠤᠮᠠᠷᠠᠲᠤ ᠬᠡᠰᠡᠭ ᠤᠨ  ᠤᠶ ᠰᠢᠭᠤᠢ᠂ ᠲᠠᠯ᠎ᠠ ᠨᠤᠲᠤᠭ᠂ ᠭᠤᠪᠢ᠂ ᠡᠯᠡᠰᠦᠨ ᠴᠦᠯ ᠢᠶᠡᠷ ᠦᠩᠭᠡᠷᠡᠵᠦ ᠪᠠᠶᠢᠯᠲᠤᠬᠤ ᠪᠤᠲᠤᠯᠭ᠎ᠠ ᠶᠢᠨ ᠲᠦᠢᠯ ᠤᠨ ᠴᠢᠬᠤᠯᠠ ᠤᠷᠤᠨ ᠪᠤᠯᠬᠤ ᠶᠤᠮ᠃

    ᠦᠪᠦᠷ ᠮᠤᠩᠭᠤᠯ ᠳ᠋ᠤ 36 ᠲᠦᠮᠡᠨ ᠺᠦᠧᠠᠳ᠋ ᠺᠢᠯᠤᠮᠧᠲ᠋ᠷ ᠬᠢᠯᠢ ᠶᠢᠨ ᠬᠠᠮᠢᠶᠠᠷᠤᠯᠲᠠ ᠶᠢᠨ ᠤᠷᠤᠨ ᠪᠠᠶᠢᠲᠠᠭ᠃ ᠤᠤᠯ ᠳ᠋ᠠᠭᠠᠨ ᠬᠠᠷᠠᠭᠤᠯ ᠤᠨ ᠬᠤᠨᠤᠭ ᠪᠠᠶᠢᠷᠢ ᠶᠢᠨ ᠨᠦᠬᠦᠴᠡᠯ ᠠᠨᠠᠢ ᠪᠠᠶᠢᠭᠰᠠᠨ᠂ ᠤᠲᠤ ᠪᠤᠯᠬᠤ ᠳ᠋ᠤ ᠮᠡᠲᠡᠭᠡ ᠵᠠᠩᠬᠢᠴᠢᠯᠠᠯᠲᠠ ᠶᠢᠨ ᠪᠦᠷᠢᠨ ᠴᠢᠲᠠᠮᠵᠢ ᠲᠠᠢ ᠠᠰᠠᠷ ᠲᠡᠢ ᠪᠤᠯᠪᠠ ; ᠤᠤᠯ ᠨᠢ ᠶᠠᠪᠠᠭᠠᠨ ᠢᠶᠡᠷ ᠪᠤᠶᠤ ᠮᠤᠷᠢ ᠪᠡᠷ ᠴᠠᠭᠲᠠᠨ ᠪᠠᠶᠢᠴᠠᠭᠠᠵᠤ ᠪᠠᠶᠢᠭᠰᠠᠨ᠂ ᠤᠲᠤ ᠰᠢᠨᠵᠢᠯᠡᠬᠦ ᠤᠬᠠᠭᠠᠨ ᠲᠧᠭ᠍ᠨᠤᠯᠤᠬᠢ᠂ ᠬᠠᠭᠤᠷᠠᠢ ᠠᠭᠠᠷ ᠤᠨ ᠪᠤᠰᠤᠭ᠎ᠠ ᠴᠤᠭᠴᠠ ᠪᠡᠷ ᠴᠠᠭᠲᠠᠨ ᠪᠠᠶᠢᠴᠠᠭᠠᠬᠤ ᠪᠤᠯᠪᠠ ; ᠤᠤᠯ ᠨᠢ ᠬᠤᠭᠤᠯᠠ ᠤᠮᠲᠠ ᠶᠢᠨ ᠨᠦᠬᠦᠴᠡᠯ ᠪᠠᠷᠤᠭᠲᠠᠢ ᠪᠠᠶᠢᠭᠰᠠᠨ᠂ ᠤᠲᠤ ᠰᠢᠮ᠎ᠡ ᠲᠡᠵᠢᠭᠡᠯ ᠲᠠᠢ ᠨᠤᠭᠤᠭ᠎ᠠ ᠵᠢᠮᠢᠰ ᠪᠦᠷᠢᠨ ᠬᠠᠩᠭᠠᠯᠲᠠ ᠲᠠᠢ ᠪᠤᠯᠪᠠ ᠁ 70 ᠵᠢᠯ ᠤᠨ ᠲᠤᠷᠰᠢ ᠬᠡᠲᠦᠨ ᠦᠶ᠎ᠠ ᠶᠢᠨ ᠬᠦᠮᠦᠰ ᠤᠨ ᠪᠦᠲᠦᠭᠡᠨ ᠪᠠᠶᠢᠭᠤᠯᠤᠯᠲᠠ᠂ ᠠᠯᠢᠪᠠ ᠪᠠᠨ ᠦᠷᠡᠭᠲᠡᠬᠦᠯᠬᠦ ᠵᠤᠷᠢᠭ ᠰᠠᠨᠠᠭ᠎ᠠ ᠨᠢ ᠬᠢᠯᠢ ᠶᠢᠨ ᠬᠠᠮᠠᠭᠠᠯᠠᠯᠲᠠ ᠶᠢ ᠵᠢᠵᠢᠭ᠌ ᠡᠴᠡ ᠲᠤᠮᠤ᠂ ᠪᠠᠭᠤᠷᠠᠢ ᠡᠴᠡ ᠬᠦᠴᠦᠷᠭᠡᠭ ᠪᠤᠯᠭᠠᠵᠤ᠂ ᠬᠤᠴᠤᠷᠤᠩᠭᠤᠢ ᠪᠠᠶᠢᠲᠠᠯ ᠡᠴᠡ ᠤᠲᠤᠬᠢᠴᠢᠯᠠᠭᠰᠠᠨ ᠲᠡᠦᠬᠡ ᠶᠢᠨ ᠰᠢᠨ᠎ᠡ ᠲᠡᠪᠡᠯᠲᠡ ᠳ᠋ᠤ ᠬᠦᠷᠭᠡᠨ᠂ ᠡᠬᠡ ᠤᠯᠤᠰ ᠤᠨ ᠤᠮᠠᠷᠠᠲᠤ ᠬᠢᠯᠢ ᠨᠡᠩ ᠠᠮᠤᠷ ᠲᠤᠭᠲᠠᠭᠤᠨ ᠪᠤᠯᠪᠠ᠃

    ᠬᠢᠯᠢ ᠶᠢᠨ ᠬᠠᠮᠠᠭᠠᠯᠠᠯᠲᠠ ᠶᠢᠨ ᠤᠷᠤᠨ ᠤ ᠤᠶᠢᠷ᠎ᠠ ᠬᠠᠪᠢ ᠶᠢᠨ ᠤᠷᠤᠨ ᠨᠤᠲᠤᠭ ᠤᠨ ᠨᠠᠮ ᠤᠨ ᠬᠤᠷᠢᠶ᠎ᠠ ᠵᠠᠰᠠᠭ ᠤᠨ ᠤᠷᠲᠤᠨ ᠤ ᠤᠲᠤᠷᠢᠲᠤᠯᠭ᠎ᠠ ᠲᠤᠤᠷ᠎ᠠ ᠬᠦᠪᠡᠨᠵᠢᠬᠦ ᠵᠡᠷᠭᠡ ᠮᠠᠯᠴᠢᠨ ᠲᠦᠮᠡᠨ ᠰᠡᠷᠬᠡᠶᠢᠯᠡᠨ ᠬᠠᠮᠠᠭᠠᠯᠠᠬᠤ ᠠᠵᠢᠯ ᠢ ᠬᠠᠪᠰᠤᠷᠴᠤ᠂ ᠨᠤᠮᠤᠨ ᠬᠠᠨ ᠪᠦᠷᠢᠲᠦ ᠲᠤᠲᠤᠭᠠᠲᠤ ᠶᠢ ᠬᠠᠮᠠᠭᠠᠯᠠᠬᠤ ᠲᠤᠮᠢᠯᠠᠭᠰᠠᠨ ᠰᠠᠯᠪᠤᠷᠢ ᠶᠢᠨ ᠬᠢᠨ ᠤᠶᠢᠷ᠎ᠠ ᠬᠠᠪᠢ ᠶᠢᠨ ᠤᠷᠤᠨ ᠢᠶᠡᠨ ᠬᠠᠮᠢᠶᠠᠷᠴᠤ᠂ ᠬᠢᠯᠢ ᠶᠢᠨ ᠱᠤᠭᠤᠮ ᠤᠨ ᠤᠶᠢᠷᠠᠯᠴᠠᠭᠠᠬᠢ ᠬᠠᠮᠢᠶᠠᠷᠤᠯᠲᠠ ᠶᠢ ᠬᠢᠯᠢ ᠶᠢᠨ ᠬᠠᠮᠠᠭᠠᠯᠠᠯᠲᠠ ᠶᠢᠨ ᠠᠩᠬᠢ ᠡᠴᠡ ᠬᠦᠢᠴᠡᠳᠭᠡᠲᠡᠭ᠃ ᠨᠤᠮᠤᠨ ᠬᠠᠨ ᠪᠦᠷᠢᠲᠦ ᠲᠤᠲᠤᠭᠠᠲᠤ ᠶᠢ ᠬᠠᠮᠠᠭᠠᠯᠠᠬᠤ ᠲᠤᠮᠢᠯᠠᠭᠰᠠᠨ ᠰᠠᠯᠪᠤᠷᠢ ᠶᠢᠨ ᠲᠠᠷᠤᠭ᠎ᠠ ᠺᠠᠨ ᠮᠢᠩ ᠡᠾᠦ᠋ᠢ᠂ ᠭᠤᠷᠪᠠᠨ ᠲᠠᠯ᠎ᠠ ᠶᠢᠨ ᠬᠦᠴᠦᠨ ᠢ ᠨᠢᠭᠡ ᠲᠤᠤᠷ᠎ᠠ ᠨᠢᠬᠲᠠᠷᠠᠭᠤᠯᠵᠤ᠂ ᠴᠢᠮᠡᠭᠡ ᠰᠤᠷᠠᠭ ᠨᠡᠪᠲᠡᠷᠡᠯᠴᠡᠨ᠂ ᠡᠬᠢ ᠪᠠᠶᠠᠯᠢᠭ ᠢᠶᠡᠨ ᠬᠠᠮᠲᠤ ᠪᠡᠷ ᠬᠤᠪᠢᠶᠠᠯᠴᠠᠨ᠂ ᠬᠠᠮᠲᠤ ᠪᠡᠷ ᠰᠡᠷᠭᠡᠶᠢᠯᠡᠵᠦ ᠬᠠᠮᠲᠤ ᠪᠡᠷ ᠬᠠᠮᠢᠶᠠᠷᠬᠤ᠂ ᠬᠤᠯᠪᠤᠭᠠᠯᠠᠨ ᠵᠠᠰᠠᠬᠤ ᠪᠠᠶᠢᠲᠠᠯ ᠢ ᠪᠤᠢ ᠪᠤᠯᠭᠠᠪᠠ ᠭᠡᠵᠡᠢ᠃

    ᠮᠤᠩᠭᠤᠯ ᠭᠡᠷ ᠪᠤᠯ ᠬᠠᠷᠠᠭᠤᠯ ᠤᠨ ᠪᠠᠶᠢᠷᠢ᠂ ᠮᠠᠯᠴᠢᠤᠨ ᠪᠦᠷ ᠬᠠᠷᠠᠭᠤᠯ ᠤᠨ ᠴᠡᠷᠢᠭ᠃ ᠬᠢᠯᠢ ᠶᠢᠨ ᠱᠤᠭᠤᠮ ᠲᠠᠭᠠᠤ ᠶᠢᠨ ᠮᠤᠩᠭᠤᠯ ᠭᠡᠷ ᠨᠢ ᠡᠭᠡᠭᠡ ᠶᠠᠭ ᠯᠡ ᠲᠠᠯ᠎ᠠ ᠳ᠋ᠤ ᠰᠠᠴᠤᠭᠰᠠᠨ ᠰᠤᠪᠤᠳ ᠰᠢᠬ᠃ ᠬᠦᠪᠡᠨᠵᠢᠬᠦ ᠦᠷᠯᠦᠭᠡ ᠤᠷᠤᠢ ᠳ᠋ᠠᠭᠠᠨ ᠲᠤᠭᠲᠠᠭᠰᠠᠨ ᠴᠠᠭ ᠲᠠᠭᠠᠨ ᠴᠠᠭᠲᠠᠨ ᠪᠠᠶᠢᠴᠠᠭᠠᠬᠤ ᠡᠴᠡ ᠭᠠᠲᠠᠨ᠎ᠠ᠂ ᠮᠠᠯ ᠢᠶᠡᠨ ᠮᠠᠯᠵᠢᠵᠤ ᠪᠠᠶᠢᠬᠤ ᠳ᠋ᠠᠭᠠᠨ ᠴᠤ ᠭᠡᠰᠡᠨ ᠴᠠᠭᠲᠠᠨ ᠪᠠᠶᠢᠴᠠᠭᠠᠲᠠᠭ ᠡᠴᠡ ᠲᠤᠮᠢᠯᠠᠭᠰᠠᠨ ᠰᠠᠯᠪᠤᠷᠢ ᠶᠢᠨ ᠬᠢᠨ ᠲᠡᠭᠦᠨ ᠳ᠋ᠤ ᠲᠤᠷᠠᠨ ᠲᠤᠬᠢᠷᠠᠭᠤᠯᠵᠤ ᠦᠭ᠍ᠪᠡ᠃

    ᠬᠢᠯᠢ ᠬᠢᠵᠠᠭᠠᠷ ᠤᠷᠤᠨ ᠳ᠋ᠤ ᠬᠤᠯᠠᠭᠠᠶᠢᠯᠠᠬᠤ᠂ ᠡᠪᠡᠰᠦᠨ ᠡᠮ ᠮᠠᠯᠲᠠᠬᠤ᠂ ᠬᠢᠯᠢ ᠵᠤᠪᠴᠢᠭᠤᠯᠬᠤ᠂ ᠬᠠᠦᠯᠢ ᠪᠤᠰᠤ ᠪᠡᠷ ᠬᠢᠯᠢ ᠲᠠᠮᠨᠠᠬᠤ ᠵᠡᠷᠬᠡ ᠬᠠᠤᠯᠢ ᠪᠤᠰᠤ ᠠᠵᠢᠯᠯᠠᠭ᠎ᠠ ᠳ᠋ᠤ ᠴᠤᠬᠢᠯᠲᠠ ᠦᠭᠬᠦ ᠪᠡᠷ ᠴᠠᠷᠢᠭ᠌ ᠠᠷᠠᠳ ᠬᠤᠯᠪᠤᠭᠠᠯᠠᠨ ᠬᠠᠦᠯᠢ ᠲᠤᠭᠲᠠᠭᠠᠮᠵᠢ ᠶᠢ ᠵᠦᠷᠢᠴᠡᠭᠰᠡᠨ ᠶᠠᠯᠠᠲᠤ ᠡᠲᠡᠭᠡᠳ ᠢ ᠢᠯᠡᠷᠡᠬᠦᠯᠬᠦ᠂ ᠰᠡᠷᠬᠡᠶᠢᠯᠡᠬᠦ᠂ ᠡᠵᠡᠮᠰᠢᠬᠦ ᠪᠠ ᠤᠯᠠᠨ ᠲᠦᠮᠡᠨ ᠳ᠋ᠤ ᠦᠢᠯᠡᠴᠢᠯᠡᠬᠦ ᠶᠢ ᠨᠢᠭᠡ ᠴᠤᠭᠴᠠᠵᠢᠭᠤᠯᠤᠭᠰᠠᠨ 《ᠲᠠᠯ᠎ᠠ ᠨᠤᠲᠤᠭ ᠤᠨ 110》ᠮᠡᠲᠡᠭᠡ ᠵᠠᠩᠬᠢ ᠶᠢᠨ ᠲᠠᠪᠴᠠᠩ ᠢ ᠪᠠᠶᠢᠭᠤᠯᠵᠡᠢ᠃ ᠰᠡᠬᠦᠯ ᠤᠨ ᠵᠢᠯ ᠡᠴᠡ ᠨᠠᠰᠢ᠂ ᠦᠪᠦᠷ ᠮᠤᠩᠭᠤᠯ ᠬᠠᠮᠢᠶᠠᠲᠠᠢ ᠰᠠᠯᠠᠭ᠎ᠠ ᠮᠦᠴᠢᠷ ᠤᠨ 1000 ᠭᠠᠷᠤᠢ ᠤᠯᠠᠨ ᠢᠶᠡᠷ ᠢᠶᠡᠨ ᠰᠡᠷᠭᠡᠶᠢᠯᠡᠵᠦ ᠤᠯᠠᠨ ᠢᠶᠡᠷ ᠢᠶᠡᠨ ᠵᠠᠰᠠᠬᠤ ᠵᠤᠬᠢᠶᠠᠨ ᠪᠠᠶᠢᠭᠤᠯᠤᠯᠲᠠ ᠶᠢ ᠲᠦᠰᠢᠭᠯᠡᠨ᠂ ᠡᠯ᠎ᠡ ᠲᠦᠷᠦᠯ ᠤᠨ ᠬᠡᠷᠡᠭ ᠢ 3700 ᠭᠠᠷᠤᠢ ᠪᠠᠶᠢᠴᠠᠭᠠᠨ ᠢᠯᠡᠷᠡᠬᠦᠯᠪᠠ᠂ ᠤᠯᠠᠨ ᠢᠶᠡᠷ ᠢᠶᠡᠨ ᠰᠡᠷᠭᠡᠶᠢᠯᠡᠵᠦ ᠤᠯᠠᠨ ᠢᠶᠡᠷ ᠢᠶᠡᠨ ᠵᠠᠰᠠᠬᠤ ᠵᠤᠬᠢᠶᠠᠨ ᠪᠠᠶᠢᠭᠤᠯᠤᠯᠲᠠ ᠨᠢ ᠬᠢᠯᠢ ᠬᠢᠵᠠᠭᠠᠷ ᠤᠷᠤᠨ ᠤ ᠲᠤᠲᠠᠭᠲᠠᠵᠤ ᠪᠤᠯᠤᠰᠢ ᠦᠭᠡᠢ ᠬᠦᠴᠦᠨ ᠪᠤᠯᠪᠠ᠃

    ᠬᠢᠯᠢ ᠬᠢᠵᠠᠭᠠᠷ ᠤᠷᠤᠨ ᠤ ᠴᠡᠷᠢᠭ ᠬᠤᠯᠪᠤᠭᠠᠯᠠᠨ ᠰᠡᠷᠭᠡᠶᠢᠯᠡᠬᠦ ᠪᠦᠰᠡ ᠲᠠᠢ ᠬᠠᠮᠲᠤ ᠠᠶᠢᠯ ᠡᠷᠦᠬᠡ ᠪᠤᠯᠭᠠᠨ᠂ ᠬᠦᠮᠦᠨ ᠨᠢᠭᠡᠪᠦᠷᠢ ᠶᠢ ᠠᠯᠲᠠᠵᠤ ᠤᠷᠬᠢᠬᠲᠠᠭᠤᠯᠤᠯ ᠦᠭᠡᠢ ᠦᠷᠬᠦᠯᠵᠢ ᠶᠢᠨ ᠴᠢᠨᠠᠷᠲᠠᠢ ᠪᠠᠶᠢᠴᠠᠭᠠᠨ᠂ ᠰᠡᠵᠢᠭᠯᠡᠯᠲᠠᠢ ᠡᠲᠡᠭᠡᠳ ᠪᠤᠶᠤ ᠬᠠᠦᠯᠢ ᠲᠤᠭᠲᠠᠭᠠᠮᠵᠢ ᠶᠢ ᠵᠦᠷᠢᠴᠡᠭᠰᠡᠨ ᠶᠠᠯᠠᠲᠤ ᠡᠲᠡᠭᠡᠳ ᠢ ᠪᠠᠶᠢᠴᠠᠭᠠᠨ ᠢᠯᠡᠷᠡᠬᠦᠯᠲᠡᠭ᠃ 2012 ᠤᠨ ᠡᠴᠡ ᠨᠠᠰᠢ᠂ ᠦᠪᠦᠷ ᠮᠤᠩᠭᠤᠯ ᠬᠢᠯᠢ ᠬᠢᠵᠠᠭᠠᠷ ᠤᠷᠤᠨ ᠡᠴᠡ ᠲᠠᠪᠬᠤᠷᠲᠠᠭᠰᠠᠨ ᠲᠤᠭ᠎ᠠ ᠪᠡᠷ 1700 ᠢᠯᠡᠬᠦᠦ ᠰᠡᠵᠢᠭᠯᠡᠯᠲᠠᠢ ᠡᠲᠡᠭᠡᠳ ᠢ ᠪᠠᠶᠢᠴᠠᠭᠠᠵᠤ᠂ ᠬᠢᠯᠢ ᠲᠠᠮᠨᠠᠭᠰᠠᠨ ᠠᠵᠢᠯᠯᠠᠭᠠᠨ ᠳ᠋ᠤ ᠬᠤᠯᠪᠤᠭᠲᠠᠭᠰᠠᠨ ᠲᠠᠪᠬᠤᠷᠲᠠᠭᠰᠠᠨ ᠲᠤᠭ᠎ᠠ ᠪᠡᠷ 130 ᠢᠯᠡᠬᠦᠦ ᠬᠦᠮᠦᠨ ᠢ ᠪᠠᠶᠢᠴᠠᠭᠠᠨ ᠢᠯᠡᠷᠡᠬᠦᠯᠪᠡ᠃

    ᠬᠢᠯᠢ ᠬᠢᠵᠠᠭᠠᠷ ᠤᠷᠤᠨ ᠳ᠋ᠤ ᠵᠠᠷᠢᠮ ᠳ᠋ᠠᠭᠠᠨ ᠡᠯᠲᠡᠪ ᠵᠦᠢᠯ ᠤᠨ ᠮᠠᠷᠭᠤᠭᠠᠨ ᠵᠦᠷᠢᠴᠡᠯ ᠡᠭᠦᠰᠲᠡᠭ᠂ ᠤᠨᠴᠠᠭᠠᠶᠢᠯᠠᠨ ᠰᠡᠬᠦᠯ ᠤᠨ ᠵᠢᠯ ᠤᠳ ᠲᠤ ᠠᠭᠤᠷᠬᠠᠢ ᠠᠵᠤ ᠠᠬᠤᠶᠢᠯᠠᠯ ᠪᠤᠯᠤᠨ ᠮᠠᠯᠴᠢᠳ ᠤᠨ ᠬᠤᠭᠤᠷᠤᠨᠲᠤᠬᠢ ᠵᠦᠷᠢᠴᠡᠯ ᠤᠯᠠᠰᠢᠷᠠᠪᠠ᠃ ᠦᠪᠦᠷ ᠮᠤᠩᠭᠤᠯ ᠤᠷᠤᠨ ᠨᠤᠲᠤᠭ ᠪᠠ ᠴᠠᠭᠲᠠᠭ᠎ᠠ ᠬᠠᠮᠲᠤᠷᠠᠨ ᠠᠵᠢᠯᠯᠠᠬᠤ ᠠᠵᠢᠯ ᠤᠨ ᠵᠠᠭᠪᠤᠷ ᠢ ᠰᠦᠪᠡᠭ᠍ᠴᠢᠯᠡᠵᠦ᠂ ᠲᠤᠲᠤᠭᠠᠲᠤ ᠶᠢ ᠬᠠᠮᠠᠭᠠᠯᠠᠬᠤ ᠬᠢᠯᠢ ᠶᠢᠨ ᠬᠠᠮᠠᠭᠠᠯᠠᠯᠲᠠ ᠶᠢᠨ ᠴᠡᠷᠢᠭ ᠠᠩᠬᠢ ᠪᠤᠯᠤᠨ ᠤᠷᠤᠨ ᠨᠤᠲᠤᠭ ᠤᠨ ᠵᠠᠰᠠᠭ ᠤᠨ ᠤᠷᠲᠤᠨ ᠤ ᠬᠠᠮᠢᠶᠠᠲᠠᠢ ᠰᠠᠯᠠᠭ᠎ᠠ ᠮᠦᠴᠢᠷ ᠬᠠᠮᠲᠤᠷᠠᠨ ᠬᠡᠷᠡᠭ ᠶᠠᠪᠤᠲᠠᠯ ᠢ ᠰᠢᠢᠳᠭᠡᠵᠦ ᠰᠢᠢᠳᠪᠦᠷᠢᠯᠡᠨ᠂ ᠲᠤᠬᠠᠢ ᠶᠢᠨ ᠲᠠᠯᠠᠪᠤᠷ ᠲᠤ ᠤᠷᠢᠲᠡᠪᠡᠷ ᠬᠦᠷᠦᠭᠰᠡᠨ ᠬᠢᠯᠢ ᠶᠢᠨ ᠬᠠᠮᠠᠭᠠᠯᠠᠯᠲᠠ ᠶᠢᠨ ᠴᠡᠷᠢᠭ ᠴᠠᠭᠲᠠᠭ᠎ᠠ ᠬᠡᠷᠡᠭ ᠤᠨ ᠪᠠᠶᠢᠲᠠᠯ ᠢ ᠨᠠᠮᠲᠠᠭᠠᠵᠤ᠂ ᠲᠡᠲᠡᠨ ᠤ ᠬᠠᠦᠯᠢ ᠬᠡᠷᠡᠭᠵᠢᠬᠦᠯᠬᠦ ᠳ᠋ᠤ ᠬᠦᠴᠢᠷᠲᠡᠯ ᠲᠠᠢ ᠪᠠᠶᠢᠬᠤ ᠠᠰᠠᠭᠤᠲᠠᠯ ᠢ ᠰᠢᠢᠳᠪᠦᠷᠢᠯᠡᠪᠡ᠃ ᠤᠲᠤᠬᠠᠨ ᠳ᠋ᠤ ᠡᠨᠡᠬᠦ ᠠᠵᠢᠯ ᠤᠨ ᠵᠠᠭᠪᠤᠷ ᠨᠢ ᠮᠠᠯᠵᠢᠬᠤ ᠤᠷᠤᠨ ᠤ 8000 ᠭᠠᠷᠤᠢ ᠵᠦᠷᠢᠴᠡᠯ ᠮᠠᠷᠭᠤᠭᠠᠨ ᠲᠠᠢ ᠬᠡᠷᠡᠭ ᠢ ᠰᠢᠢᠳᠪᠦᠷᠢᠯᠡᠵᠦ᠂ 100 ᠭᠠᠷᠤᠢ ᠤᠲᠠᠭᠠᠨ ᠤ ᠤᠯᠠᠨ ᠲᠦᠮᠡᠨᠴᠢ ᠴᠢᠨᠠᠷᠲᠠᠢ ᠬᠡᠷᠡᠭ ᠡᠭᠦᠰᠬᠦ ᠢᠢ ᠦᠨᠳᠦᠰᠦᠨ ᠡᠴᠡ ᠨᠢ ᠠᠷᠢᠯᠭᠠᠵᠤ᠂ ᠬᠢᠯᠢ ᠬᠢᠵᠠᠭᠠᠷ ᠤᠨ ᠮᠠᠯᠵᠢᠬᠤ ᠤᠷᠤᠨ ᠤ ᠨᠡᠶᠢᠭᠡᠮ ᠢ ᠡᠶ᠎ᠡ ᠨᠠᠶᠢᠷᠠᠮᠲᠠᠭᠤ ᠪᠤᠯᠭᠠᠪᠠ᠃

    ᠵᠠᠮ ᠬᠠᠷᠢᠯᠴᠠᠭ᠎ᠠ ᠲᠦᠬᠦᠮ ᠦᠭᠡᠢ᠂ ᠴᠠᠰᠤ ᠰᠢᠭᠤᠷᠭᠠᠨ ᠡᠴᠡ ᠪᠤᠯᠵᠤ ᠵᠠᠮ ᠬᠠᠷᠢᠯᠴᠠᠭᠠᠨ ᠳ᠋ᠤ ᠰᠠᠭᠠᠲᠤᠯ ᠭᠠᠷᠬᠤ᠂ ᠡᠪᠡᠳᠴᠢᠨ ᠡᠮᠬᠡᠭ᠁ ᠬᠢᠯᠢ ᠶᠢᠨ ᠮᠠᠯᠴᠢᠳ ᠬᠦᠴᠢᠷᠲᠡᠯ ᠲᠤᠯᠭᠠᠷᠠᠬᠤ ᠦᠶ᠎ᠠ ᠴᠡᠷᠢᠭ ᠴᠠᠭᠲᠠᠭ᠎ᠠ ᠮᠠᠯᠴᠢᠳ ᠢ ᠬᠠᠪᠰᠤᠷᠴᠦ᠂ ᠡᠮ ᠡᠮᠨᠡᠯᠭᠡ᠂ ᠬᠤᠭᠤᠯᠠ ᠤᠮᠲᠠ᠂ ᠵᠠᠮ ᠬᠠᠷᠢᠯᠴᠠᠭ᠎ᠠ ᠵᠡᠷᠭᠡ ᠲᠠᠯ᠎ᠠ ᠶᠢᠨ ᠦᠢᠯᠡᠴᠢᠯᠡᠭᠡ ᠬᠠᠩᠭᠠᠲᠠᠭ᠃ ᠪᠠᠶᠠᠨᠨᠠᠭᠤᠷ ᠬᠤᠲᠠ ᠶᠢᠨ ᠲᠤᠲᠤᠭᠠᠲᠤ ᠶᠢ ᠬᠠᠮᠠᠭᠠᠯᠠᠬᠤ ᠬᠢᠯᠢ ᠶᠢᠨ ᠬᠠᠮᠠᠭᠠᠯᠠᠯᠲᠠ ᠶᠢᠨ ᠰᠠᠯᠠᠭ᠎ᠠ ᠮᠦᠴᠢᠷ 《ᠢᠷᠭᠡᠳ ᠢᠶᠡᠨ ᠬᠠᠶᠢᠷᠠᠯᠠᠵᠤ ᠬᠢᠵᠠᠭᠠᠷ ᠤᠷᠤᠨ ᠢᠶᠡᠨ ᠪᠡᠬᠢᠵᠢᠬᠦᠯᠬᠦ》ᠢᠨᠵᠧᠨ᠋᠋ᠧᠷᠢᠩ ᠢ ᠬᠡᠷᠡᠭᠵᠢᠬᠦᠯᠵᠦ᠂ ᠮᠠᠯᠴᠢᠳ ᠢ ᠤᠷᠤᠯᠠᠨ ᠡᠳ᠋ ᠪᠤᠲᠠᠰ ᠬᠤᠲᠠᠯᠲᠤᠨ ᠠᠪᠴᠤ ᠭᠡᠷ ᠲᠤᠨᠢ ᠬᠦᠷᠭᠡᠵᠦ ᠦᠭᠲᠡᠭ᠂ ᠠᠬᠠᠮᠠᠳ ᠨᠠᠰᠤᠲᠠᠢ ᠬᠦᠮᠦᠰ᠂ ᠬᠦᠴᠢᠷᠲᠡᠯ ᠲᠠᠢ ᠤᠯᠠᠨ ᠲᠦᠮᠡᠨ ᠢ ᠬᠠᠪᠰᠤᠷᠤᠨ ᠲᠡᠮᠵᠢᠲᠡᠭ᠃ ᠰᠡᠬᠦᠯ ᠤᠨ ᠵᠢᠯ ᠤᠳ ᠲᠤ᠂ ᠴᠡᠷᠢᠭ ᠴᠠᠭᠲᠠᠭ᠎ᠠ ᠪᠠ ᠲᠤᠲᠤᠭᠠᠲᠤ ᠶᠢ ᠬᠠᠮᠠᠭᠠᠯᠠᠬᠤ ᠬᠢᠯᠢ ᠶᠢᠨ ᠬᠠᠮᠠᠭᠠᠯᠠᠯᠲᠠ ᠶᠢᠨ ᠴᠡᠷᠢᠭ 1650 ᠢᠯᠡᠬᠦᠦ ᠬᠦᠮᠦᠨ ᠢ ᠲᠤᠰᠠᠯᠠᠨ᠂ 380 ᠤᠲᠠᠭᠠᠨ ᠤ ᠭᠠᠯ ᠤᠨᠲᠠᠷᠠᠭᠠᠬᠤ ᠠᠵᠢᠯ ᠳ᠋ᠤ ᠤᠷᠤᠯᠴᠠᠪᠠ᠃

    ᠠᠳᠠᠯᠢ ᠪᠡᠷ ᠴᠡᠷᠢᠭ ᠴᠠᠭᠲᠠᠭ᠎ᠠ᠂ ᠬᠢᠯᠢ ᠶᠢᠨ ᠬᠠᠮᠠᠭᠠᠯᠠᠯᠲᠠ ᠶᠢᠨ ᠴᠡᠷᠢᠭ ᠬᠦᠴᠢᠷᠲᠡᠯ ᠳ᠋ᠤ ᠲᠤᠯᠭᠠᠷᠠᠪᠠᠯ ᠮᠠᠯᠴᠢᠳ ᠵᠠᠮ ᠵᠢᠭᠠᠵᠤ ᠦᠭᠬᠦ᠂ ᠬᠤᠭᠤᠯᠠ ᠬᠦᠨᠡᠰᠦ ᠬᠠᠩᠭᠠᠬᠤ᠂ ᠬᠤᠨᠤᠭ ᠪᠠᠶᠢᠷᠢ ᠬᠠᠩᠭᠠᠲᠠᠭ᠃ ᠴᠡᠷᠢᠭ ᠴᠠᠭᠲᠠᠭ᠎ᠠ ᠠᠷᠠᠳ ᠢᠩᠬᠢᠵᠦ ᠵᠢᠭᠠᠰᠤᠨ ᠤᠰᠤᠨ ᠤ ᠬᠠᠷᠢᠴᠠᠭ᠎ᠠ ᠲᠠᠢ ᠪᠤᠯᠵᠤ᠂ ᠰᠡᠳᠭᠢᠯ ᠰᠡᠳᠬᠢᠯ ᠢᠶᠡᠨ ᠬᠤᠯᠪᠤᠯᠴᠠᠨ᠂ ᠬᠠᠮᠲᠤ ᠪᠡᠷ ᠬᠢᠯᠢ ᠬᠢᠵᠠᠭᠠᠷ ᠤᠷᠤᠨ ᠢᠶᠡᠨ ᠪᠠᠲᠤ ᠰᠠᠬᠢᠨ᠎ᠠ᠃

    ᠵᠠᠰᠠᠭ ᠤᠨ ᠤᠷᠲᠤᠨ ᠬᠢᠯᠢ ᠬᠢᠵᠠᠭᠠᠷ ᠤᠨ ᠮᠠᠯᠴᠢᠳ ᠤᠨ ᠠᠮᠢᠲᠤᠷᠠᠯ ᠦᠢᠯᠡᠳᠪᠦᠷᠢᠯᠡᠯ ᠤᠨ ᠨᠦᠬᠦᠴᠡᠯ ᠢ ᠢᠲᠡᠪᠬᠢᠲᠡᠢ ᠰᠠᠶᠢᠵᠢᠷᠠᠭᠤᠯᠤᠨ᠎ᠠ᠃ ᠰᠡᠬᠦᠯ ᠤᠨ ᠵᠢᠯ ᠤᠳ ᠲᠤ᠂ ᠠᠯᠠᠱᠠ ᠠᠶᠢᠮᠠᠭ ᠮᠤᠨᠲᠠᠭ ᠬᠦᠷᠦᠩᠭᠡ ᠤᠷᠤᠭᠤᠯᠵᠤ᠂ 100 ᠡᠷᠦᠬᠡ ᠮᠠᠯᠴᠢᠳ ᠤᠨ ᠶᠠᠲᠠᠭᠤ ᠡᠴᠡ ᠠᠩᠭᠢᠵᠢᠷᠠᠵᠤ ᠪᠤᠭᠤᠮᠲᠠ ᠰᠢᠪᠲᠤᠯᠬᠤ᠂ ᠰᠤᠷᠭᠠᠭᠤᠯᠢ ᠳ᠋ᠤ ᠰᠠᠭᠤᠬᠤ᠂ ᠡᠮᠴᠢᠯᠡᠬᠦᠯᠬᠦ ᠳ᠋ᠤ ᠬᠦᠴᠢᠷ ᠵᠡᠷᠭᠡ ᠠᠰᠠᠭᠤᠲᠠᠯ ᠢ ᠰᠢᠢᠳᠪᠦᠷᠢᠯᠡᠪᠡ᠃

    ᠦᠲᠡᠰᠢ ᠶᠢᠨ ᠲᠤᠯᠤᠩ ᠲᠠᠯ᠎ᠠ ᠨᠤᠲᠤᠭ ᠲᠤ ᠰᠢᠷᠭᠠᠯ ᠲᠤᠶᠠᠭ᠎ᠠ ᠲᠠᠲᠠᠬᠤ ᠳ᠋ᠦ ᠬᠦᠪᠡᠨᠵᠢᠬᠦ ᠮᠤᠲ᠋ᠤᠷ ᠢᠶᠡᠨ ᠤᠨᠤᠨ ᠭᠡᠷ ᠲᠡᠭᠡᠨ ᠬᠠᠷᠢᠯ᠎ᠠ᠂ ᠭᠡᠷᠭᠡᠢ ᠬᠡᠦᠬᠡᠳ ᠨᠢ ᠮᠤᠩᠭᠤᠯ ᠭᠡᠷ ᠤᠨ ᠢᠶᠡᠨ ᠡᠮᠦᠨ᠎ᠡ ᠵᠤᠭᠰᠤᠨ ᠬᠦᠯᠢᠶᠡᠨ ᠤᠭᠲᠤᠨ᠎ᠠ᠃ ᠡᠨᠡ ᠠᠶᠢᠯ ᠤᠨ ᠬᠢᠨ ᠴᠠᠢ ᠪᠠᠨ ᠤᠤᠭᠤᠵᠤ᠂ ᠮᠢᠬ᠎ᠠ ᠪᠠᠨ ᠢᠲᠡᠨ᠂ ᠲᠠᠭᠤᠤ ᠪᠠᠨ ᠲᠠᠭᠤᠯᠠᠵᠤ᠂ ᠲᠠᠯ᠎ᠠ ᠶᠢᠨ ᠨᠠᠮᠵᠢᠭᠤᠨ᠂ ᠦᠵᠡᠰᠬᠦᠯᠡᠩ ᠳ᠋ᠤ ᠠᠮᠤᠷ ᠠᠮᠤᠭᠤᠯᠠᠩᠬᠠᠨ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121478478