蒙古文网站Logo
ᠰᠢᠨᠬᠤᠸᠠ ᠮᠤᠩᠭ᠋ᠤᠯ ᠨᠧᠲ

ᠡᠾᠧᠪᠸᠢ ᠶ᠋ᠢᠨ ᠰᠠᠶᠢᠬᠠᠨᠳᠠᠪᠠᠭ᠎ᠠ ᠶ᠋ᠢᠨ ᠣᠢ ᠰᠢᠭᠣᠢ ᠶ᠋ᠢᠨ ᠬᠠᠮᠠᠭᠠᠯᠠᠭᠴᠢ᠄ ᠮᠣᠳᠣ ᠪᠣᠯᠭᠠᠨ ᠣᠷᠭᠣᠭ᠎ᠠ ᠨᠣᠭᠣᠭᠠᠨ ᠢᠶᠠᠷ ᠢᠶᠡᠨ ᠪᠠᠶᠢᠪᠠᠯ ᠳᠠᠷᠣᠢ ᠪᠢᠳᠡᠨ ᠤ ᠣᠮᠣᠭᠰᠢᠯ

2017-08-14 17:26

    ᠳᠤᠮᠳᠠᠳᠤ ᠤᠯᠤᠰ ᠤᠨ ᠮᠣᠩᠭᠣᠯ ᠷᠠᠳᠢᠣ᠋ ᠰᠦᠯᠵᠢᠶ᠎ᠡ ᠶᠢᠨ 8 ᠰᠠᠷ᠎ᠠ ᠵᠢᠨ 14  ᠤ᠋ ᠡᠳᠦᠷ ‍ᠥᠨ ᠮᠡᠳᠡᠭᠡ᠂ ᠡᠾᠧᠪᠸᠢ ᠮᠣᠵᠢ ᠶᠢᠨ ᠴᠧᠩᠳ᠋ᠧ ᠬᠣᠲᠠ ᠶᠢᠨ ᠣᠮᠠᠷᠠᠳᠣ ᠪᠦᠰᠡ᠂ ᠦᠪᠦᠷ ᠮᠣᠩᠭᠣᠯ ᠤᠨ ᠬᠣᠯᠠᠨ ᠰᠢᠷᠭ᠎ᠠ ᠳᠠᠭ᠎ᠠ ᠡᠯᠡᠰᠦᠨ ᠤ ᠡᠮᠦᠨᠡᠳᠣ ᠪᠦᠰᠡ ᠳᠤ ᠪᠠᠶᠢᠭ᠎ᠠ ᠰᠠᠶᠢᠬᠠᠨᠳᠠᠪᠠᠭ᠎ᠠ ᠨᠢ ᠢᠭᠴᠣ ᠰᠠᠬᠣᠯᠢᠭ ᠣᠢ ᠳᠠᠶᠢᠭ᠎ᠠ ᠪᠠᠷ ᠬᠣᠴᠢᠭᠳᠠᠵᠣ᠂ ᠬᠣᠸᠠᠷ ᠴᠡᠴᠡᠭ ᠤᠨ ᠶᠢᠷᠳᠢᠨᠴᠣ᠂ ᠣᠢ ᠰᠢᠭᠣᠢ ᠶᠢᠨ ᠳᠠᠯᠠᠢ᠂ ᠣᠰᠣᠨ ᠤ ᠡᠬᠢ ᠰᠣᠷᠪᠣᠯᠵᠢ᠂ ᠡᠬᠦᠯᠡᠨ ᠴᠡᠩᠬᠡᠷ ᠨᠣᠳᠣᠭ ᠬᠡᠮᠡᠭᠳᠡᠳᠡᠭ᠃ ᠵᠢᠯ ᠪᠣᠯᠭᠠᠨ 50 ᠭᠠᠷᠣᠢ ᠲᠦᠮᠡᠨ ᠵᠢᠭᠣᠯᠴᠢᠨ ᠡᠨᠳᠡ ᠢᠷᠡᠵᠦ ᠵᠢᠭᠣᠯᠴᠢᠯᠠᠳᠠᠭ ᠶᠣᠮ ᠪᠠᠶᠢᠨ᠎ᠠ᠃

    ᠰᠠᠶᠢᠬᠠᠨᠳᠠᠪᠠᠭ᠎ᠠ ᠶᠢᠨ ᠣᠢ ᠰᠢᠭᠣᠢ ᠶᠢ ᠣᠷᠭᠣᠭᠣᠯᠬᠣ ᠳ᠋ᠤ ᠨᠡᠬᠡᠷᠡᠨ ᠬᠢᠯᠪᠠᠷ ᠪᠣᠰᠣ ᠬᠦᠴᠦ ᠬᠦᠳᠡᠯᠮᠦᠷᠢ ᠵᠠᠷᠣᠴᠠᠭᠣᠯᠣᠭᠰᠠᠨ ᠶᠣᠮ᠂ ᠡᠬᠦᠨ ᠢ ᠰᠠᠶᠢᠳᠣᠷ ᠰᠠᠬᠢᠨ ᠬᠠᠮᠠᠭᠠᠯᠠᠬᠣ ᠨᠢ ᠴᠤ ᠬᠢᠯᠪᠠᠷ ᠶᠠᠪᠣᠳᠠᠯ ᠪᠢᠰᠢ᠃ ᠭᠠᠯ ᠲᠦᠢᠮᠠᠷ ᠡᠴᠠ ᠰᠡᠷᠬᠡᠶᠢᠯᠡᠬᠦ ᠡᠴᠠ ᠭᠠᠳᠠᠨ᠎ᠠ ᠬᠣᠷᠣᠬᠠᠢ ᠰᠢᠪᠠᠵᠢ ᠶᠢᠨ ᠬᠦᠨᠦᠬᠡᠯ ᠡᠴᠠ ᠰᠡᠷᠬᠡᠶᠢᠯᠡᠬᠦ ᠪᠣᠯ ᠭᠣᠣᠯᠳᠠᠯᠭ᠎ᠠ ᠶᠢᠨ ᠭᠣᠣᠯᠳᠠᠯᠭ᠎ᠠ ᠪᠣᠯᠣᠨ᠎ᠠ᠃ ᠡᠾᠧᠪᠸᠢ ᠮᠣᠵᠢ ᠶᠢᠨ ᠰᠠᠶᠢᠬᠠᠨᠳᠠᠪᠠᠭ᠎ᠠ ᠶᠢᠨ ᠣᠢ ᠰᠢᠭᠣᠢ ᠶᠢᠨ ᠳᠠᠯᠠᠪᠠᠢ ᠶᠢᠨ ᠬᠣᠷᠣᠬᠠᠢ ᠰᠢᠪᠠᠵᠢ ᠶᠢᠨ ᠬᠦᠨᠦᠬᠡᠯ ᠡᠴᠠ ᠰᠡᠷᠬᠡᠶᠢᠯᠡᠨ ᠵᠠᠰᠠᠬᠣ ᠦᠷᠳᠡᠬᠡᠨ ᠤ ᠳᠠᠷᠣᠭ᠎ᠠ ᠭᠦᠧᠧ ᡁᠢ ᠹᠧᠩ᠂ ᠪᠢᠳᠡ ᠰᠢᠪᠠᠭᠣᠳ ᠡᠴᠠ ᠡᠷᠳᠡ ᠰᠡᠷᠡᠵᠦ᠂ ᠰᠢᠪᠠᠭᠣᠳ ᠡᠴᠠ ᠣᠷᠣᠢ ᠣᠨᠳᠠᠪᠠᠯ ᠰᠠᠶ᠊ᠢ ᠡᠨᠡᠬᠦ ᠣᠢ ᠰᠢᠭᠣᠢ ᠶᠢᠨ ᠳᠠᠯᠠᠪᠠᠢ ᠪᠠᠨ ᠬᠠᠮᠠᠭᠠᠯᠠᠵᠣ ᠴᠢᠳᠠᠨ᠎ᠠ ᠬᠡᠵᠡᠢ᠃

    ᠡᠨᠡ ᠵᠢᠯ ᠤᠨ 5 ᠰᠠᠷ᠎ᠠ ᠶᠢᠨ ᠰᠡᠬᠦᠯᠴᠢ ᠪᠠᠷ ᠣᠢ ᠰᠢᠭᠣᠢ ᠶᠢᠨ ᠳᠠᠯᠠᠪᠠᠢ ᠳ᠋ᠤ ᠶᠡᠬᠡ ᠬᠡᠪᠴᠢᠶᠡᠨ ᠤ ᠬᠣᠷᠣᠬᠠᠢ ᠰᠢᠪᠠᠵᠢ ᠶᠢᠨ ᠬᠦᠨᠦᠬᠡᠯ ᠭᠠᠷᠴᠣ᠂ ᠶᠡᠷᠣᠩᠬᠡᠢ ᠳᠠᠯᠠᠪᠠᠢ ᠶᠢᠨ ᠬᠠᠷᠢᠶᠠᠨ ᠳ᠋ᠡᠬᠢ ᠣᠢ ᠰᠢᠭᠣᠢ ᠶᠢᠨ ᠭᠣᠷᠪᠠᠨ ᠳᠠᠯᠠᠪᠠᠢ ᠳ᠋ᠤ ᠭᠠᠷᠣᠭᠰᠠᠨ ᠬᠣᠷᠣᠬᠠᠢ ᠰᠢᠪᠠᠵᠢ ᠶᠢᠨ ᠬᠦᠨᠦᠬᠡᠯ ᠲᠦᠷᠪᠡᠨ ᠲᠦᠮᠡ ᠭᠠᠷᠣᠢ ᠮᠦ ᠳ᠋ᠤ ᠬᠦᠷᠴᠣ᠂ ᠬᠠᠮᠣᠭ ᠤᠨ ᠣᠯᠠᠨ ᠳ᠋ᠠᠭᠠᠨ ᠨᠢᠬᠡ ᠮᠣᠳᠣᠨ ᠳᠡᠬᠡᠷ᠎ᠡ ᠲᠦᠮᠡ ᠭᠠᠷᠤᠢ ᠬᠣᠷᠣᠬᠠᠢ ᠰᠠᠭᠣᠭᠰᠠᠨ ᠪᠠᠶᠢᠳᠠᠭ᠃

    ᠭᠦᠧᠧ ᡁᠢ ᠹᠧᠩ᠂ ᠮᠠᠰᠢᠨ ᠢᠶᠠᠷ ᠡᠮ ᠰᠠᠴᠣᠬᠣ ᠳ᠋ᠤ 1000 ᠮᠧᠲ᠋ᠷ ᠰᠠᠴᠣᠵᠣ ᠴᠢᠳᠠᠳᠠᠭ᠂ ᠨᠢᠬᠡ ᠮᠡᠷᠬᠡᠵᠢᠯᠳᠡᠨ ᠡᠳᠣᠷ ᠪᠦᠷᠢ ᠠᠷᠪᠠᠨ ᠬᠡᠳᠣᠨ ᠺᠢᠯᠣᠮᠧᠲ᠋ᠷ ᠶᠠᠪᠣᠵᠣ᠂ ᠦᠷᠯᠦᠬᠡᠨ ᠤ 8᠄30 ᠴᠠᠭ  ᠡᠴᠠ 9᠄00 ᠴᠠᠭ ᠪᠣᠯᠳᠠᠯ᠎ᠠ ᠠᠵᠢᠯᠯᠠᠨ᠎ᠠ᠂ ᠰᠠᠯᠬᠢ ᠭᠠᠷᠪᠠᠯ ᠡᠮ ᠰᠠᠴᠣᠬᠣ ᠠᠵᠢᠯ ᠢᠶᠠᠨ ᠵᠣᠭᠰᠣᠵᠣ᠂ ᠠᠵᠢᠯᠳᠠᠳ ᠠᠮᠠᠷᠠᠵᠣ ᠬᠣᠭᠣᠯᠠ ᠪᠠᠨ ᠢᠳᠡᠬᠦ ᠳ᠋ᠤ ᠮᠡᠷᠬᠡᠵᠢᠯᠳᠡᠨ ᠳᠣᠨᠣᠭ ᠲᠦᠬᠦᠬᠡᠷᠣᠮᠵᠢ ᠶᠢ ᠪᠠᠶᠢᠴᠠᠭᠠᠵᠣ ᠰᠡᠯᠪᠢᠨ ᠵᠠᠰᠠᠳᠠᠭ᠃ ᠲᠡᠳᠡ ᠦᠷᠯᠦᠬᠡᠨ ᠤ ᠬᠢᠭᠰᠡᠨ ᠠᠵᠢᠯ ᠢᠶᠠᠨ ᠦᠳᠡ ᠶᠢᠨ ᠬᠣᠶᠢᠨ᠎ᠠ ᠶᠢᠨ 2᠄00 ᠴᠠᠭ ᠪᠣᠯᠳᠠᠯ᠎ᠠ ᠦᠷᠬᠦᠯᠵᠢᠯᠡᠬᠦᠯᠵᠦ᠂ ᠰᠡᠷᠬᠡᠶᠢᠯᠡᠨ ᠵᠠᠰᠠᠬᠣ ᠠᠵᠢᠯ ᠢᠶᠠᠨ ᠳᠠᠭᠣᠰᠬᠠᠭᠠᠳ ᠬᠡᠷ ᠲᠡᠬᠡᠨ ᠬᠠᠷᠢᠬᠣ ᠳ᠋ᠤ ᠪᠠᠷᠣᠭ ᠰᠦᠨᠢ ᠶᠢᠨ 10᠄00 ᠴᠠᠭ ᠦᠩᠬᠡᠷᠡᠳᠡᠭ ᠪᠠᠶᠢᠨ᠎ᠠ᠃ ᠬᠡᠷᠪᠡ ᠬᠣᠷᠣᠬᠠᠢ ᠰᠢᠪᠠᠵᠢ ᠵᠢᠨ ᠬᠦᠨᠦᠬᠡᠯ ᠶᠡᠬᠡ ᠬᠡᠪᠴᠢᠶ᠎ᠡ ᠪᠠᠷ ᠡᠬᠦᠰᠬᠦ ᠳ᠋ᠤ ᠬᠦᠷᠪᠡᠯ ᠡᠶᠢᠮᠦᠷᠬᠦ ᠠᠵᠢᠯ ᠢ ᠬᠣᠶᠠᠷ ᠰᠠᠷ᠎ᠠ ᠵᠠᠯᠭᠠᠪᠠᠷ ᠬᠢᠬᠦ ᠪᠣᠯᠣᠨ᠎ᠠ ᠬᠡᠵᠡᠢ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠷᠠᠳᠢᠣ᠋ ᠰᠦᠯᠵᠢᠶ᠎ᠡ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121481579