蒙古文网站Logo
ᠰᠢᠨᠬᠤᠸᠠ ᠮᠤᠩᠭ᠋ᠤᠯ ᠨᠧᠲ

ᠬᠡᠰᠡᠷ ᠮᠤᠷᠢᠨ ᠤᠷᠤᠯᠳᠤᠭᠠᠨ ᠤ ᠨᠠᠶᠢᠷ ᠭᠠᠨᠨᠠᠨ ᠳᠤ ᠨᠡᠬᠡᠬᠡᠯᠳᠡ ᠪᠡᠨ ᠬᠢᠪᠡ

2017-08-15 11:42

    8 ᠰᠠᠷ᠎ᠠ ᠶᠢᠨ 13 ᠤ ᠡᠳᠦᠷ᠂ ᠠᠷᠪᠠᠨ ᠨᠢᠬᠡᠳᠦᠬᠡᠷ ᠬᠤᠭᠤᠴᠠᠭᠠᠨ ᠤ ᠬᠡᠰᠡᠷ ᠮᠤᠷᠢᠨ ᠤᠷᠤᠯᠳᠤᠭᠠᠨ ᠤ ᠨᠠᠶᠢᠷ ᠭᠠᠨᠨᠠᠨ ᠤ ᠮᠠᠴᠢᠤᠢ ᠳᠤ ᠨᠡᠬᠡᠬᠡᠯᠳᠡ ᠪᠡᠨ ᠬᠢᠪᠡ᠃ ᠮᠠᠴᠢᠤᠢ ᠪᠤᠯ ᠳᠤᠮᠳᠠᠳᠤ ᠤᠯᠤᠰ ᠤᠨ ᠨᠡᠷᠡᠳᠡᠢ ᠡᠾᠧᠴᠢᠤᠢ ᠠᠳᠤᠭᠤᠨ ᠤ ᠳᠦᠪ ᠭᠠᠷᠤᠯᠳᠠ ᠶᠢᠨ ᠤᠷᠤᠨ ᠪᠤᠯᠬᠤ ᠶᠤᠮ᠃ ᠡᠷᠳᠡᠨ ᠡᠴᠡ ᠠᠪᠤᠭᠠᠳ ᠡᠨᠳᠡ ᠮᠤᠷᠢᠨ ᠤᠷᠤᠯᠳᠤᠭᠠᠨ ᠬᠢᠳᠡᠭ ᠤᠯᠠᠮᠵᠢᠯᠠᠯ ᠲᠠᠢ᠂ 2012 ᠤᠨ ᠳᠤ ᠤᠯᠤᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠤᠪᠴᠢᠶ᠎ᠠ ᠡᠴᠡ 《ᠳᠤᠮᠳᠠᠳᠤ ᠤᠯᠤᠰ ᠤᠨ ᠮᠤᠷᠢᠨ ᠤᠷᠤᠯᠳᠤᠭᠠᠨ ᠤ ᠦᠯᠦᠬᠡᠢ》 ᠬᠡᠮᠡᠨ ᠨᠡᠷᠡᠶᠢᠳᠴᠠᠢ᠃ ᠰᠡᠬᠦᠯ ᠤᠨ ᠵᠢᠯ ᠤᠳ ᠲᠤ ᠬᠡᠰᠡᠷ ᠮᠤᠷᠢᠨ ᠤᠷᠤᠯᠳᠤᠭᠠᠨ ᠤ ᠬᠦᠷᠢᠶ᠎ᠡ ᠴᠠᠷᠠᠭ᠎ᠠ ᠦᠷᠬᠡᠳᠴᠤ᠂ ᠳᠤᠮᠳᠠᠳᠤ ᠤᠯᠤᠰ ᠤᠨ ᠪᠠᠷᠠᠭᠤᠨ ᠪᠦᠰᠡ ᠨᠤᠳᠤᠭ ᠤᠨ ᠴᠦᠬᠡᠨ ᠳᠤᠭᠠᠳᠤ ᠦᠨᠳᠦᠰᠦᠳᠡᠨ ᠤ ᠤᠷᠤᠨ ᠤ ᠪᠡᠶ᠎ᠡ ᠶᠢᠨ ᠳᠠᠮᠢᠷ ᠤᠨ ᠦᠪᠡᠳᠡᠭᠰᠢ ᠴᠢᠭᠤᠯᠭᠠᠨ ᠪᠠ ᠨᠡᠷᠡᠳᠦ ᠰᠤᠶᠤᠯ ᠵᠢᠭᠤᠯᠴᠢᠯᠠᠯ ᠤᠨ ᠪᠷᠧᠨ᠋ᠳ᠋ ᠪᠤᠯᠤᠭᠰᠠᠨ ᠪᠠᠶᠢᠳᠠᠭ᠃ ᠡᠨᠡ ᠤᠳᠠᠭᠠᠨ ᠤ ᠨᠠᠶᠢᠷ ᠢᠶᠡᠷ ᠤᠯᠤᠰ ᠲᠠᠶᠠᠭᠠᠷ ᠤᠨ 40 ᠳᠦᠯᠦᠬᠡᠯᠡᠬᠦ ᠪᠠᠭ ᠤᠨ 643 ᠦᠷᠢᠰᠦᠯᠳᠦᠭᠴᠢ ᠤᠷᠤᠯᠴᠠᠵᠠᠢ᠃ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠬᠤᠧᠠᠩ ᠰᠢᠶᠤᠤ ᠶᠦᠩ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121485733