蒙古文网站Logo
ᠰᠢᠨᠬᠤᠸᠠ ᠮᠤᠩᠭ᠋ᠤᠯ ᠨᠧᠲ

ᠭᠤᠸᠠᠩᠳᠦ᠋ᠩ ᠤᠨ ᠲᠠᠢ ᠱᠠᠨ ᠰᠢᠶᠠᠨ ᠤ ᠨᠢᠭᠡᠨ ᠲᠤᠰᠬᠤᠨ ᠡᠴᠡ 41 ᠳ᠋ᠤᠺᠲ᠋ᠤᠷ ᠴᠤᠯᠭᠤᠷᠠᠭᠰᠠᠨ ᠤ ᠨᠢᠭᠤᠴᠠ

2017-08-15 17:30

    ᠨᠠᠶᠠᠭᠠᠳ ᠵᠢᠯ ᠤᠨ ᠡᠮᠦᠨ᠎ᠠ᠂ ᠲᠤᠰᠬᠤᠨ ᠤ ᠪᠠᠭ᠎ᠠ ᠰᠤᠷᠭᠠᠭᠤᠯᠢ ᠶᠢᠨ ᠵᠠᠬᠢᠷᠤᠯ ᠪᠠᠶᠢᠭᠰᠠᠨ ᠬᠤᠸᠠᠩ ᠵᠢᠶᠦ᠋ᠨ ᠵᠢᠶᠸ ᠶᠠᠳᠠᠭᠤ ᠬᠤᠭᠤᠰᠤᠨ ᠪᠠᠢᠢᠳᠠᠯ᠎ᠠ ᠪᠡᠨ ᠭᠠᠳᠠᠭᠠᠲᠤ ᠳᠤ ᠭᠠᠷᠴᠤ ᠰᠤᠷᠤᠯᠴᠠᠨ ᠂ ᠡᠷᠳᠡᠮ ᠮᠡᠳᠡᠯᠭᠡ ᠰᠤᠷᠴᠤ ᠨᠤᠲᠤᠭ ᠤᠰᠤ ᠪᠤᠯᠤᠨ ᠤᠯᠤᠰ ᠤᠷᠤᠨ ᠳᠤ ᠪᠡᠨ ᠬᠦᠴᠦᠨ ᠴᠢᠳᠠᠯ ᠢᠶᠡᠨ ᠡᠷᠭᠦᠬᠦ ᠪᠡᠷ ᠰᠢᠢᠳᠬᠦ ᠳᠤ ᠪᠡᠨ ᠬᠤᠵᠢᠮ ᠨᠤᠲᠤᠭ ᠤᠰᠤᠨ ᠤ ᠪᠡᠨ ᠬᠡᠤᠬᠡᠳ ᠤᠨ ᠦᠯᠢᠭᠡᠷ ᠳᠠᠭᠤᠷᠢᠶᠠᠯ ᠪᠤᠯᠤᠨ᠎ᠠ ᠭᠡᠰᠡᠨ ᠢ ᠪᠤᠳᠤᠵᠤ ᠤᠯᠤᠬᠰᠠᠨ ᠦᠭᠡᠢ ᠪᠠᠶᠢᠪᠠ ᠃ ᠲᠡᠭᠦᠨ ᠤ ᠦᠯᠢᠭᠡᠷ ᠳᠠᠭᠤᠷᠢᠶᠠᠯ  ᠤᠨ ᠨᠦᠯᠦᠭᠡ ᠪᠠᠷ ᠲᠠᠢ ᠱᠠᠨ ᠰᠢᠶᠠᠨ ᠤ ᠪᠠᠢ ᠱᠠ ᠪᠠᠯᠭᠠᠰᠤᠨ ᠤ ᠰᠢ ᠼᠦᠨ ᠲᠤᠰᠬᠤᠨ( ᠤᠲᠤ  ᠢᠢᠨ ᠵᠢᠶᠠᠡᠭ ᠮᠸᠨ ᠤ ᠲᠠᠢ ᠱᠨᠨ ᠬᠤᠳᠠ ᠵᠢᠨ ᠪᠠᠢ ᠱᠠ ᠪᠠᠯᠭᠠᠰᠤᠨ ᠤ ᠰᠢ ᠼᠦᠨ ᠲᠤᠰᠬᠤᠨ) -- ᠡᠨᠡᠬᠦ ᠦᠨᠳᠦᠷ ᠠᠭᠤᠯᠠᠨ ᠤ ᠬᠤᠷᠮᠤᠢ ᠳᠡᠬᠢ ᠡᠷᠳᠡᠨ ᠤ ᠲᠤᠰᠬᠤᠨ ᠳᠤ ᠬᠤᠸᠠᠩ ᠵᠢᠶᠦ᠋ᠨ ᠵᠢᠶᠸ ᠡᠴᠡ ᠡᠬᠢᠯᠡᠨ 41 ᠳ᠋ᠤᠺᠲ᠋ᠤᠷ ᠴᠤᠯᠭᠤᠷᠠᠵᠠᠢ᠂ ᠵᠠᠷᠢᠮ ᠭᠡᠷ ᠡᠴᠡ ᠭᠤᠷᠪᠡᠨ ᠳ᠋ᠤᠺᠲ᠋ᠤᠷ ᠪᠤᠶᠤ ᠬᠤᠶᠠᠷ ᠦᠶ᠎ᠠ ᠪᠡᠷ ᠢᠶᠡᠨ ᠵᠢᠷᠭᠤᠭᠠᠨ ᠳ᠋ᠤᠺᠲ᠋ᠤᠷ ᠴᠤᠯᠭᠤᠷᠠᠪᠠ᠃

    ᠡᠷᠳᠡᠮ ᠮᠡᠳᠡᠯᠭᠡ ᠰᠤᠷᠤᠯᠴᠠᠬᠤ ᠶᠢ ᠡᠷᠬᠢᠮᠯᠠᠵᠤ ᠬᠦᠮᠦᠨ ᠪᠤᠯᠭᠠᠨ ᠨᠤᠮ ᠤᠩᠰᠢᠬᠤ ᠪᠡᠷ ᠢᠷᠡᠭᠤ ᠠᠯᠳᠠᠷ ᠢᠶᠡᠨ ᠪᠤᠯᠭᠠᠳᠠᠭ ᠡᠨᠡᠬᠦ ᠦᠶ᠎ᠠ ᠶᠢᠨ ᠦᠶ᠎ᠠ ᠤᠯᠠᠮᠵᠢᠯᠠᠵᠤ ᠢᠷᠡᠭᠰᠡᠨ ᠰᠢᠯᠢᠳᠡᠭ ᠵᠠᠩᠰᠢᠯ ᠨᠢ ᠲᠤᠰᠬᠤᠨ ᠤ ᠢᠷᠭᠡᠳ ᠤᠨ ᠬᠤᠪᠢ ᠵᠠᠶᠠᠭ᠎ᠠ ᠶᠢ ᠦᠭᠡᠷᠡᠴᠢᠯᠡᠬᠦ ᠶᠢᠨ  ᠬᠠᠮᠲᠤ ᠨᠤᠲᠤᠭ ᠤᠰᠤ ᠶᠢ ᠨᠢ ᠴᠤ ᠬᠤᠪᠢᠷᠠᠭᠤᠯᠪᠠ ᠁

    ᠰᠢ ᠼᠦᠨ ᠲᠤᠰᠬᠤᠨ ᠤ ᠳ᠋ᠤᠺᠲ᠋ᠤᠷ ᠢ ᠶᠠᠷᠢᠬᠤ ᠲᠠᠢ ᠵᠡᠷᠭᠡ ᠲᠠᠢ ᠱᠠᠨ ᠠᠭᠤᠯᠠ ᠶᠢᠨ ᠪᠠᠢ ᠱᠠ ᠪᠠᠯᠭᠠᠰᠤᠨ ᠤ ᠼᠦᠢ ᠶᠢᠩ ᠳᠤᠮᠳᠠᠳᠤ ᠰᠤᠷᠭᠠᠭᠤᠯᠢ ᠶᠢᠨ ᠤᠤᠯ ᠤᠨ ᠵᠠᠬᠢᠷᠤᠯ《ᠳ᠋ᠤᠺᠲ᠋ᠤᠷ ᠤᠨ ᠲᠤᠰᠬᠤᠨ》 ᠤ ᠰᠤᠶᠤᠯ ᠤᠨ ᠪᠦᠲᠦᠭᠡᠨ ᠪᠠᠶᠢᠭᠤᠯᠤᠯᠲᠠ ᠶᠢᠨ ᠵᠦᠪᠯᠡᠭᠴᠢ ᠬᠤᠸᠠᠩ ᠽᠠᠢ ᠳᠤ ᠬᠡᠯᠡᠭᠡᠳ ᠪᠠᠷᠠᠬᠤ ᠦᠭᠡᠢ ᠦᠯᠢᠭᠡᠷ ᠲᠠᠢ ᠪᠠᠶᠢᠯ᠎ᠠ᠃ ᠡᠪᠤᠭᠡ ᠬᠤᠸᠠᠩ ᠵᠢᠶᠦ᠋ᠨ ᠵᠢᠶᠸ ᠨᠢ ᠲᠤᠰ ᠲᠤᠰᠬᠤᠨ ᠤ ᠬᠠᠮᠤᠭ ᠤᠨ ᠠᠩᠬᠠᠨ ᠤ ᠳ᠋ᠤᠺᠲ᠋ᠤᠷ ᠮᠦᠨ᠃ ᠬᠤᠸᠠᠩ ᠽᠠᠢ ᠡᠭᠦᠨ ᠳ᠋ᠡᠭᠡᠨ ᠤᠮᠤᠬᠰᠢᠳᠠᠬ᠃

    《ᠲᠤᠬᠠᠢ ᠶᠢᠨ ᠪᠦᠰᠡ ᠨᠤᠲᠤᠭ ᠤᠨ ᠬᠦᠮᠦᠰ ᠤᠨ ᠬᠡᠯᠡᠬᠦ ᠪᠡᠷ᠂ ᠰᠢ ᠼᠦᠨ ᠲᠤᠰᠬᠤᠨ ᠤ ᠵᠠᠬ᠎ᠠ ᠳᠤ ᠪᠠᠶᠢᠷᠢᠯᠠᠭ᠎ᠠ ᠱᠤᠤ ᠰᠢᠶᠠᠨ ᠰᠤᠷᠭᠠᠭᠤᠯᠢ ᠶᠢ ᠳᠤᠮᠳᠠᠳᠤ ᠶᠢᠨ ᠬᠠᠷᠢᠶᠠᠲᠤ ᠨᠤᠭᠤᠳ ᠮᠦᠩᠭᠦ ᠬᠠᠨᠳ᠋ᠢᠪᠯᠠᠵᠤ 1908 ᠤᠨ ᠳᠤ ᠪᠠᠶᠢᠭᠤᠯᠤᠭᠰᠠᠨ ᠪᠠᠶᠢᠵᠠᠢ᠃ ᠲᠡᠷᠡ ᠦᠶ᠎ᠠ ᠶᠢᠨ ᠰᠤᠷᠭᠠᠭᠤᠯᠢ ᠨᠢ ᠭᠤᠷᠪᠠᠨ ᠳᠠᠰᠤᠯᠭ᠎ᠠ ᠰᠦᠮ᠎ᠠ ᠪᠡᠷ ᠪᠦᠷᠢᠯᠳᠦᠭᠰᠡᠨ ᠪᠠᠶᠢᠪᠠ》 ᠭᠡᠵᠤ ᠲᠤᠬᠠᠢ ᠶᠢᠨ ᠦᠶ᠎ᠠ ᠳᠤ ᠡᠨᠳᠡ ᠰᠤᠷᠤᠯᠴᠠᠵᠤ ᠪᠠᠶᠢᠭᠰᠠᠨ ᠲᠠᠯᠠ ᠭᠠᠷᠤᠬᠰᠠᠨ ᠬᠤᠸᠠᠩ ᠨᠠᠰᠤᠲᠠᠨ ᠶᠠᠷᠢᠯ᠎ᠠ᠃

    《ᠬᠤᠸᠠᠩ ᠵᠢᠶᠦ᠋ᠨ ᠵᠢᠶᠸ ᠭᠤᠸᠠᠩᠵᠸᠤ ᠶᠢᠨ ᠭᠤᠸᠠᠩ ᠶᠠ ᠪᠢᠴᠢᠭ᠌ ᠤᠨ ᠬᠦᠷᠢᠶᠡᠯᠡᠩ ᠳᠤ ᠤᠴᠢᠵᠤ ᠰᠤᠷᠤᠯᠴᠠᠭᠠᠳ ᠨᠤᠲᠤᠭ ᠪᠤᠴᠠᠵᠤ ᠱᠤᠤ ᠰᠢᠶᠠᠨ ᠰᠤᠷᠭᠠᠭᠤᠯᠢ ᠶᠢᠨ ᠵᠠᠬᠢᠷᠤᠯ ᠢᠶᠡᠷ 8 ᠵᠢᠯ ᠠᠵᠢᠯᠯᠠᠵᠠᠢ᠃ ᠲᠤᠬᠠᠢ ᠶᠢᠨ ᠦᠶ᠎ᠠ ᠳᠤ ᠲᠠᠢ ᠱᠠᠨ ᠰᠢᠶᠠᠨ ᠡᠴᠡ ( ᠤᠳᠤ ᠶᠢᠨ ᠲᠠᠢ ᠱᠠᠨ ᠬᠤᠲᠠ)  ᠬᠦᠮᠦᠨ ᠢᠷᠡᠵᠤ ᠰᠤᠷᠭᠠᠭᠤᠯᠢ ᠶᠢᠨ ᠪᠠᠶᠢᠳᠠᠯ ᠢ ᠪᠠᠶᠢᠴᠠᠭᠠᠨ᠂ ᠲᠡᠭᠦᠨ ᠢ ᠲᠤᠮᠤ ᠴᠢᠳᠠᠪᠤᠷᠢᠲᠠᠨ ᠢ ᠪᠠᠭ᠎ᠠ ᠭᠠᠵᠠᠷ ᠬᠡᠷᠡᠭᠯᠡᠪᠡ ᠬᠡᠮᠡᠨ ᠭᠠᠳᠠᠭᠠᠲᠤ ᠳᠤ ᠭᠠᠷᠴᠤ ᠰᠤᠷᠤᠯᠴᠠᠭᠤᠯᠬᠤ ᠪᠠᠷ ᠢᠳᠬᠠᠪᠠ᠃

    ᠬᠤᠸᠠᠩ ᠽᠠᠢ ᠰᠤᠷᠪᠤᠯᠵᠢᠯᠠᠭᠴᠢ ᠳᠤ ᠬᠡᠯᠡᠭᠰᠡᠨ ᠨᠢ᠂ ᠲᠠᠷᠠ ᠦᠶ᠎ᠠ ᠳᠤ ᠭᠡᠷ ᠡᠴᠡ ᠨᠢ ᠲᠡᠭᠦᠨ ᠢ ᠭᠠᠳᠠᠭᠠᠲᠤ ᠳᠤ ᠰᠤᠷᠤᠯᠴᠠᠬᠤ ᠵᠠᠷᠤᠳᠠᠯ ᠢ ᠨᠢ ᠭᠠᠷᠭᠠᠵᠦ ᠴᠢᠳᠠᠬᠤ ᠦᠭᠡᠢ ᠪᠠᠶᠢᠭᠰᠠᠨ ᠴᠤ ᠭᠠᠳᠠᠭᠠᠲᠤ ᠳᠤ ᠭᠠᠷᠴᠤ ᠰᠤᠷᠤᠯᠴᠠᠬᠤ ᠶᠢ ᠨᠢ ᠶᠡᠬᠡ ᠳᠡᠮᠵᠢᠳᠡᠭ ᠪᠠᠶᠢᠵᠠᠢ᠃ ᠰᠡᠭᠦᠯᠡᠷ ᠨᠢ ᠬᠤᠸᠠᠩ ᠵᠢᠶᠦ᠋ᠨ ᠵᠢᠶᠸ ᠭᠠᠭᠴᠠᠭᠠᠷ ᠢᠶᠡᠨ ᠠᠮᠸᠷᠢᠺᠡ ᠳᠤ ᠤᠴᠢᠵᠤ ᠰᠤᠷᠤᠯᠴᠠᠬᠤ ᠢᠢᠨ ᠲᠠᠭᠠᠤ ᠠᠵᠢᠯᠯᠠᠵᠤ ᠳᠦᠷᠪᠡᠨ ᠵᠢᠯ ᠤᠨ ᠳᠠᠷᠠᠭ᠎ᠠ ᠠᠮᠸᠷᠢᠺᠡ ᠶᠢᠨ ᠺᠤᠯᠦ᠋ᠮᠪᠢᠶ᠎ᠠ ᠶᠡᠬᠡ ᠰᠤᠷᠭᠠᠭᠤᠯᠢ ᠶᠢᠨ ᠬᠠᠤᠯᠢ ᠶᠢᠨ ᠤᠬᠠᠭᠠᠨ ᠤ ᠳ᠋ᠤᠺᠲ᠋ᠤᠷ ᠤᠨ ᠴᠤᠯᠠ ᠬᠠᠮᠠᠭᠠᠯᠠᠪᠠ᠃ ᠬᠤᠸᠠᠩ ᠽᠠᠢ 《ᠲᠡᠷᠡ ᠪᠤᠯ ᠮᠠᠨ ᠤ ᠲᠤᠰᠬᠤᠨ ᠤ ᠬᠠᠮᠤᠭ ᠤᠨ ᠠᠩᠬᠠᠨ ᠤ ᠳ᠋ᠤᠺᠲ᠋ᠤᠷ᠂ ᠨᠤᠲᠤᠭ ᠤᠰᠤᠨ ᠤ ᠬᠢᠨᠢ ᠡᠭᠦᠨ ᠢᠶᠡᠷ ᠪᠠᠬᠠᠷᠬᠠᠵᠤ᠂ ᠨᠡᠩ ᠤᠯᠠᠨ ᠰᠤᠷᠤᠯᠭᠠᠲᠠᠳ ᠢ ᠤᠷᠮᠠᠰᠢᠭᠤᠯᠵᠤ ᠵᠤᠷᠢᠭᠵᠢᠭᠤᠯᠵᠤ ᠪᠠᠶᠢᠯ᠎ᠠ》 ᠭᠡᠨ᠎ᠠ᠃

    ᠬᠤᠸᠠᠩ ᠵᠢᠶᠦ᠋ᠨ ᠵᠢᠶᠸ ᠳ᠋ᠤᠺᠲ᠋ᠤᠷ ᠴᠤᠯᠠ ᠬᠠᠮᠠᠭᠠᠯᠠᠭᠰᠠᠨ ᠤ ᠳᠠᠷᠠᠭ᠎ᠠ ᠲᠤᠬᠠᠢ ᠶᠢᠨ ᠦᠶ᠎ᠠ ᠶᠢᠨ ᠵᠠᠰᠠᠭ ᠤᠨ ᠤᠷᠳᠤᠨ ᠡᠴᠡ ᠲᠡᠭᠦᠨ ᠢ ᠤᠯᠤᠰ ᠲᠤ ᠪᠡᠨ ᠪᠤᠴᠠᠵᠤ ᠭᠤᠸᠠᠩᠳᠦ᠋ᠩ ᠮᠤᠵᠢ ᠶᠢᠨ ᠢᠷᠭᠡᠨ ᠤ ᠶᠠᠪᠤᠳᠠᠯ ᠤᠨ ᠲᠢᠡᠭ᠍ᠬᠢᠮ ᠤᠨ ᠭᠤᠸᠠᠩᠳ᠋ᠦ᠋ᠩ ᠤᠨ ᠳᠤᠮᠳᠠ ᠪᠦᠰᠡ ᠶᠢᠨ ᠴᠠᠭᠳᠠᠨ ᠪᠠᠶᠢᠴᠠᠭᠠᠭᠴᠢ ᠪᠡᠷ ᠲᠤᠮᠢᠯᠠᠪᠠ᠃ 《ᠳᠡᠭᠡᠷ᠎ᠠ ᠵᠠᠭᠤᠨ ᠤ ᠭᠤᠴᠢᠭᠠᠳ ᠤᠨ ᠤ ᠦᠶ᠎᠎ᠠ ᠪᠡᠷ ᠬᠤᠸᠠᠩ ᠵᠢᠶᠦ᠋ᠨ ᠵᠢᠶᠸ ᠳ᠋ᠤᠺᠲ᠋ᠤᠷ ᠭᠤᠸᠠᠩᠵᠸᠤ ᠶᠢᠨ ᠭᠤᠷᠪᠠᠨ ᠲᠤᠮᠤ ᠬᠠᠤᠯᠢᠴᠢ ᠶᠢᠨ ᠨᠢᠭᠡ ᠪᠠᠶᠢᠵᠤ᠂ ᠪᠠᠰᠠ ᠵᠢᠭᠠᠨ ᠰᠤᠷᠭᠠᠯᠲᠠ ᠶᠢᠨ ᠠᠵᠢᠯ ᠬᠢᠵᠤ ᠪᠠᠶᠢᠪᠠ᠂ ᠨᠤᠲᠤᠭ ᠤᠨ ᠬᠦᠮᠦᠰ ᠬᠤᠸᠠᠩ ᠵᠢᠶᠦ᠋ᠨ ᠵᠢᠶᠸ ᠳ᠋ᠤᠺᠲ᠋ᠤᠷ ᠤᠨ ᠬᠦᠮᠦᠨ ᠮᠦᠰᠦ ᠵᠢᠴᠢ ᠵᠢᠭᠠᠨ ᠰᠤᠷᠭᠠᠯᠲᠠ ᠳᠤ ᠦᠵᠡᠭᠦᠯᠦᠭᠰᠡᠨ ᠬᠤᠪᠢ ᠨᠡᠮᠡᠷᠢ ᠡᠴᠡ ᠨᠢ ᠰᠢᠯᠲᠠᠭᠠᠯᠠᠵᠤ ᠲᠡᠭᠦᠨ ᠳ᠋ᠦ ᠱᠤᠤ ᠰᠢᠶᠠᠨ ᠰᠤᠷᠭᠠᠭᠤᠯᠢ ᠶᠢᠨ ᠨᠠᠰᠤᠨ ᠲᠤᠷᠰᠢᠲᠠ ᠶᠢᠨ ᠰᠤᠷᠭᠠᠭᠤᠯᠢ ᠶᠢᠨ ᠵᠠᠬᠢᠷᠤᠯ ᠤᠨ ᠠᠯᠳᠠᠷ ᠤᠯᠭᠤᠪᠠ》 ᠭᠡᠵᠤ ᠬᠤᠸᠠᠩ ᠽᠠᠢ ᠶᠠᠷᠢᠯ᠎ᠠ᠃

    ᠵᠢᠭᠠᠨ ᠰᠤᠷᠭᠠᠯᠲᠠ ᠶᠢ ᠴᠢᠬᠤᠯᠠᠴᠢᠯᠠᠬᠤ ᠳᠠᠳᠬᠠᠯ ᠦᠶ᠎ᠠ ᠶᠢᠨ ᠦᠶ᠎ᠠ ᠤᠯᠠᠮᠵᠢᠯᠠᠭᠳᠠᠭᠰᠠᠨ

    ᠪᠤᠶᠢᠳᠠ ᠪᠦᠭ᠍ᠯᠡᠭᠦᠦ ᠲᠤᠰᠬᠤᠨ ᠳᠤ ᠶᠠᠭᠠᠬᠢᠬᠤ ᠪᠡᠷ ᠢᠶᠡᠨ ᠡᠶᠢᠮᠤ ᠤᠯᠠᠨ ᠴᠢᠳᠠᠪᠤᠷᠢᠲᠠᠨ ᠴᠤᠯᠭᠤᠷᠠᠭᠰᠠᠨ ᠪᠤᠯ? 《 ᠮᠠᠨ ᠤ ᠳᠡᠭᠡᠳᠦᠰ ᠨᠤᠮ ᠤᠩᠰᠢᠳᠠᠭ ᠰᠠᠶᠢᠬᠠᠨ ᠤᠯᠠᠮᠵᠢᠯᠠᠯ ᠲᠠᠢ᠂ ᠲᠤᠰᠬᠤᠨ ᠤ ᠬᠡᠳᠦᠨ ᠦᠶ᠎ᠠ ᠪᠡᠷ ᠢᠶᠡᠨ〈ᠢᠳᠡᠬᠦ ᠪᠤᠳᠠᠭ᠎ᠠ ᠦᠭᠡᠢ ᠪᠠᠶᠢᠭᠰᠠᠨ ᠴᠤ ᠦᠷ᠎ᠠ ᠬᠡᠤᠬᠡᠳ ᠢᠶᠡᠨ ᠡᠷᠳᠡᠮ ᠲᠠᠢ ᠪᠤᠯᠭᠠᠨ᠎ᠠ〉 ᠭᠡᠰᠡᠨ ᠶᠠᠷᠢᠶ᠎ᠠ ᠤᠯᠠᠮᠵᠢᠯᠠᠭᠳᠠᠳᠠᠭ᠂ ᠡᠨᠡ ᠨᠢ ᠬᠢᠷᠢ ᠵᠡᠷᠭᠡ ᠶᠠᠳᠠᠭᠤ ᠬᠦᠴᠢᠷᠲᠠᠢ ᠪᠠᠶᠢᠭᠰᠠᠨ ᠴᠤ ᠬᠡᠤᠬᠡᠳ ᠢᠶᠡᠨ ᠪᠢᠴᠢᠭ᠌ ᠦᠵᠡᠭᠦᠯᠬᠦ ᠬᠡᠷᠡᠭᠲᠠᠢ ᠭᠡᠰᠡᠨ ᠤᠳᠬ᠎ᠠ ᠲᠠᠢ᠂ ᠰᠤᠷᠤᠯᠴᠠᠪᠠᠯ ᠦᠪᠡᠷᠲᠡᠭᠡᠨ ᠮᠡᠳᠡᠯᠭᠡ ᠰᠤᠶᠤᠯ ᠲᠠᠢ ᠪᠤᠯᠵᠤ ᠰᠠᠶᠢᠨᠬᠠ ᠠᠮᠢᠳᠤᠷᠠᠬᠤ ᠪᠡᠷ ᠪᠠᠷᠠᠬᠤ ᠦᠭᠡᠢ ᠤᠯᠤᠰ ᠢᠶᠡᠨ ᠴᠤ ᠬᠦᠴᠦᠷᠭᠡᠭ᠍ᠵᠢᠭᠦᠯᠵᠤ ᠴᠢᠳᠠᠨ᠎ᠠ᠂ ᠡᠶᠢᠮᠤ ᠡᠴᠡ ᠠᠶᠢᠯ ᠪᠤᠯᠭᠠᠨ ᠵᠤᠭᠤᠰ ᠭᠠᠷᠭᠠᠵᠦ ᠬᠡᠤᠬᠡᠳ ᠢᠶᠡᠨ ᠰᠤᠷᠤᠯᠴᠠᠭᠤᠯᠳᠠᠭ》 ᠭᠡᠵᠤ ᠬᠤᠸᠠᠩ ᠽᠠᠢ ᠶᠠᠷᠢᠯ᠎ᠠ᠃

    《 1977 ᠤᠨ ᠳᠤ ᠶᠡᠬᠡ ᠰᠤᠷᠭᠠᠭᠤᠯᠢ ᠶᠢᠨ ᠡᠯᠰᠡᠯᠲᠡ ᠶᠢᠨ ᠰᠢᠯᠭᠠᠯᠲᠠ ᠶᠢ ᠰᠡᠷᠭᠦᠭᠡᠪᠠ᠂ ᠲᠠᠷᠡ ᠦᠶ᠎᠎ᠡ ᠳᠤ ᠪᠢ ᠬᠤᠷᠢᠮᠯᠠᠴᠢᠬᠠᠪᠠ᠂ ᠭᠡᠪᠠᠴᠤ ᠪᠠᠰᠠ ᠰᠢᠯᠭᠠᠵᠤ ᠪᠤᠯᠬᠤ ᠶᠢ ᠮᠡᠳᠡᠭᠰᠡᠨ ᠳᠤ ᠭᠡᠷ ᠤᠨ ᠬᠦᠮᠦᠰ ᠰᠢᠯᠭᠠᠭᠤᠯᠬᠤ ᠶᠢ ᠵᠤᠷᠢᠭᠵᠢᠭᠤᠯᠪᠠ᠂ ᠲᠤᠬᠠᠢ ᠶᠢᠨ ᠦᠶ᠎ᠠ᠎ ᠳᠤ ᠮᠢᠨᠦ ᠨᠡᠶᠢᠭᠡᠮ ᠤᠨ ᠰᠢᠨᠵᠢᠯᠡᠬᠦ ᠤᠬᠠᠭᠠᠨ ᠤ ᠶᠡᠷᠦᠩᠬᠡᠢ ᠬᠤᠪᠢ ᠪᠦᠰᠡ ᠨᠤᠲᠤᠭ ᠲᠤ ᠪᠡᠨ ᠲᠡᠷᠢᠭᠦᠯᠠᠵᠤ᠂ ᠪᠠᠶᠢᠭᠠᠯᠢ ᠨᠡᠶᠢᠭᠡᠮ ᠤᠨ ᠰᠢᠨᠵᠢᠯᠡᠬᠦ ᠤᠬᠠᠭᠠᠨ ᠨᠡᠶᠢᠯᠡᠭᠡᠳ ᠭᠤᠷᠪᠠᠳᠤᠭᠠᠷ ᠲᠤ ᠪᠠᠶᠢᠷᠢᠯᠠᠪᠠ᠂ ᠭᠡᠳᠡᠯ᠎ᠠ ᠪᠡᠶ᠎ᠠ ᠶᠢᠨ ᠪᠠᠶᠢᠴᠠᠭᠠᠯᠲᠠ ᠳᠤ ᠬᠢᠷᠢ ᠲᠡᠩᠴᠡᠭᠰᠡᠨ ᠦᠭᠡᠢ ᠡᠴᠡ ᠪᠤᠯᠵᠤ ᠶᠡᠬᠡ ᠰᠤᠷᠭᠠᠭᠤᠯᠢ ᠳᠤ ᠤᠷᠤᠵᠤ ᠴᠢᠳᠠᠭᠰᠠᠨ ᠦᠭᠡᠢ᠃ ᠭᠡᠪᠡᠴᠤ ᠪᠢ ᠰᠤᠷᠤᠯᠴᠠᠬᠤ ᠪᠡᠨ ᠵᠤᠭᠰᠤᠭᠰᠠᠨ ᠦᠭᠡᠢ᠂ 7 ᠵᠢᠯ ᠵᠠᠬᠢᠳᠠᠯ ᠢᠶᠡᠷ ᠰᠤᠷᠤᠯᠴᠠᠭᠠᠳ ᠦᠨᠳᠦᠰᠦᠨ ᠠᠩᠭᠢ ᠶᠢᠨ ᠰᠤᠷᠤᠯᠭ᠎ᠠ ᠵᠢᠨ ᠨᠠᠮᠳᠠᠷ ᠲᠠᠢ ᠪᠤᠯᠤᠬᠰᠠᠨ᠂ ᠪᠢ ᠲᠡᠷᠡ ᠦᠶ᠎ᠠ ᠳᠤ ᠠᠵᠢᠯᠯᠠᠴᠢᠬᠠᠬᠰᠠᠨ ᠪᠠᠢᠢᠪᠠ᠂ ᠭᠡᠷ ᠪᠦᠯᠢ ᠶᠢᠨ ᠳᠡᠮᠵᠢᠯᠭᠡ ᠪᠠ ᠲᠤᠰᠬᠤᠨ ᠳᠤ ᠦᠶ᠎ᠠ ᠦᠶ᠎ᠠ ᠤᠯᠠᠮᠵᠢᠯᠠᠭᠳᠠᠭᠰᠠᠨ ᠰᠤᠷᠤᠯᠴᠠᠬᠤ ᠠᠭᠤᠷ ᠠᠮᠢᠰᠬᠤᠯ ᠪᠠᠶᠢᠭᠰᠠᠨ ᠦᠭᠡᠢ ᠪᠤᠯ ᠮᠢᠨᠦ ᠤᠳᠤ ᠶᠢᠨ ᠠᠮᠢᠳᠤᠷᠠᠯ ᠪᠠᠶᠢᠬᠤ ᠦᠭᠡᠢ》 ᠭᠡᠵᠤ ᠬᠤᠸᠠᠩ ᠽᠠᠢ ᠡᠷᠭᠢᠴᠡᠭᠦᠯᠦᠨ ᠶᠠᠷᠢᠪᠠ᠃

    ᠲᠡᠭᠦᠨ ᠤ ᠦᠵᠡᠬᠦ ᠪᠡᠷ ᠲᠤᠰ ᠲᠤᠰᠬᠤᠨ ᠨᠢ《 ᠳ᠋ᠤᠺᠲ᠋ᠤᠷ ᠤᠨ ᠲᠤᠰᠬᠤᠨ》 ᠪᠤᠯᠤᠭᠰᠠᠨ ᠪᠠᠰᠠ ᠨᠢᠭᠡᠨ ᠰᠢᠯᠲᠠᠭᠠᠨ ᠨᠢ ᠡᠨᠡᠬᠦ ᠲᠤᠰᠬᠤᠨ ᠳᠤ ᠳᠤᠮᠳᠠᠳᠤ ᠶᠢᠨ ᠬᠠᠷᠢᠶᠠᠲᠤ ᠤᠯᠠᠨ ᠪᠠᠢᠢᠳᠠᠬ ᠲᠠᠢ ᠬᠤᠯᠪᠤᠭ᠎ᠠ ᠲᠠᠢ᠃ ᠲᠡᠷᠡ ᠦᠶᠡᠰ ᠳᠤᠮᠳᠠᠳᠤ ᠶᠢᠨ ᠬᠠᠷᠢᠶᠠᠲᠤ ᠭᠠᠳᠠᠭᠠᠳᠤ ᠳ᠋ᠦ ᠬᠦᠴᠦ ᠶᠠᠪᠤᠬᠤ ᠶᠢᠨ ᠵᠡᠷᠭᠡ ᠭᠠᠳᠠᠭᠠᠲᠤ ᠶᠢᠨ ᠰᠤᠷᠭᠠᠨ ᠬᠦᠮᠦᠵᠢᠯ ᠢ ᠲᠠᠨᠢᠵᠤ᠂ ᠰᠤᠷᠭᠠᠨ ᠬᠦᠮᠦᠵᠢᠯ ᠤᠨ ᠴᠢᠬᠤᠯᠠ ᠴᠢᠨᠠᠷ ᠢ ᠤᠶᠢᠯᠠᠭᠠᠨ ᠮᠡᠳᠡᠵᠠᠢ᠃

    《 ᠰᠢᠨ᠎ᠠ ᠨᠢᠭᠡᠨ ᠦᠶ᠎ᠠ ᠶᠢᠨ ᠳᠤᠮᠳᠠᠳᠤ ᠶᠢᠨ ᠬᠠᠷᠢᠶᠠᠲᠤ ᠰᠠᠶᠢᠨ ᠰᠤᠷᠭᠠᠨ ᠬᠦᠮᠦᠵᠢᠯ ᠬᠦᠷᠲᠡᠭᠰᠡᠨ ᠢᠶᠡᠷ ᠪᠠᠷᠠᠬᠤ ᠦᠭᠡᠢ ᠰᠠᠶᠢᠨ ᠬᠢᠷᠢ ᠪᠦᠲᠦᠮᠵᠢ ᠤᠯᠤᠬᠰᠠᠨ ᠨᠢ ᠠᠬᠠᠮᠠᠳ ᠦᠶ᠎ᠠ ᠶᠢᠨ ᠳᠤᠮᠳᠠᠳᠤ ᠶᠢᠨ ᠬᠠᠷᠢᠶᠠᠲᠤ ᠶᠢᠨ ᠬᠠᠳᠠᠭᠤᠵᠢᠯᠲᠠᠢ ᠴᠢᠷᠮᠠᠶᠢᠯᠲᠠ ᠡᠴᠡ ᠰᠠᠯᠵᠤ ᠪᠤᠯᠤᠰᠢ ᠦᠭᠡᠢ᠂ ᠲᠡᠳᠡ ᠤ ᠤᠯᠠᠩᠭᠢ ᠨᠢ ᠠᠯᠪᠠᠨ ᠶᠤᠰᠤᠨ ᠤ ᠰᠤᠷᠭᠠᠨ ᠬᠦᠮᠦᠵᠢᠯ ᠬᠦᠷᠳᠡᠭᠰᠡᠨ ᠦᠭᠡᠢ᠂ ᠬᠦᠮᠦᠨ ᠤ ᠭᠠᠵᠠᠷ〈 ᠰᠤᠶᠤᠯ ᠦᠭᠡᠢ〉 ᠪᠠᠶᠢᠬᠤ ᠶᠢᠨ ᠬᠦᠴᠢᠷ ᠢ ᠠᠮᠰᠠᠭᠰᠠᠨ ᠤᠴᠢᠷ ᠡᠴᠡ ᠡᠨᠡᠬᠦ ᠪᠠᠶᠢᠳᠠᠯ ᠢ ᠦᠭᠡᠷᠡᠴᠢᠯᠡᠬᠦ ᠪᠡᠷ ᠰᠢᠨ᠎ᠠ ᠨᠢᠭᠡᠨ ᠦᠶ᠎ᠠ ᠶᠢᠨ ᠬᠢᠨ ᠳᠤ ᠬᠦᠨᠳᠦ ᠬᠦᠰᠡᠯ ᠨᠠᠶᠢᠳᠠᠯᠭ᠎ᠠ ᠲᠠᠯᠪᠢᠵᠠᠢ》 ᠭᠡᠵᠤ ᠨᠠᠨ ᠶᠠᠩ ᠯᠢ ᠲᠤᠰᠬᠤᠨ ᠢᠶᠡᠷ ᠨᠤᠳᠤᠬ ᠲᠠᠢ ᠬᠤᠸᠠᠩ ᠴᠤᠤ ᠬᠠᠨ ᠳ᠋ᠤᠺᠲ᠋ᠤᠷ ᠰᠤᠷᠪᠤᠯᠵᠢᠯᠠᠭ᠎ᠠ ᠬᠦᠯᠢᠶᠡᠬᠦ ᠳᠤ ᠪᠡᠨ ᠶᠠᠷᠢᠵᠤ ᠪᠠᠶᠢᠪᠠ᠃

    ᠴᠢᠩ ᠬᠦᠷᠦᠨ ᠤ ᠰᠡᠭᠦᠯᠴᠢ ᠪᠡᠷ᠂ ᠰᠢ ᠼᠦᠨ ᠲᠤᠰᠬᠤᠨ ᠤ ᠠᠬᠠᠮᠠᠳ ᠳᠤᠮᠳᠠᠳᠤ ᠶᠢᠨ ᠬᠠᠷᠢᠶᠠᠲᠤ ᠨᠠᠷ ᠠᠷᠪᠠᠭᠠᠳ ᠭᠠᠵᠠᠷ ᠲᠠᠷᠬᠠᠵᠤ ᠪᠠᠶᠢᠭᠰᠠᠨ ᠭᠡᠷ ᠤᠨ ᠰᠤᠷᠭᠠᠭᠤᠯᠢ ᠶᠢ ᠲᠦᠪᠯᠡᠷᠡᠭᠦᠯᠵᠤ᠂ ᠬᠤᠸᠠᠩ ᠤᠪᠤᠭᠲᠤ ᠶᠢᠨ ᠡᠪᠤᠭᠡᠳ ᠤᠨ ᠰᠦᠮ᠎ᠠ ᠳᠤ ᠬᠦᠷᠦᠩᠭᠡ ᠤᠷᠤᠭᠤᠯᠵᠤ ᠱᠤᠤ ᠰᠢᠶᠠᠨ ᠰᠤᠷᠭᠠᠭᠤᠯᠢ ᠶᠢ ᠪᠠᠶᠢᠭᠤᠯᠤᠨ᠂ ᠲᠤᠰ ᠲᠤᠰᠬᠤᠨ ᠳᠤ ᠵᠢᠭᠠᠨ ᠰᠤᠷᠭᠠᠯᠲᠠ ᠶᠢᠨ ᠦᠢᠯᠡᠰ ᠤᠨ ᠰᠠᠭᠤᠷᠢ ᠢᠢ ᠲᠠᠯᠪᠢᠵᠠᠢ᠃ ᠲᠤᠬᠠᠢ ᠶᠢᠨ ᠦᠶᠡᠰ᠂ ᠪᠠᠭᠰᠢ ᠶᠢᠨ ᠴᠠᠯᠢᠩ ᠬᠦᠯᠦᠰᠤ ᠰᠠᠶᠢᠨ ᠪᠠᠶᠢᠳᠠᠭ ᠴᠤ ᠪᠠᠭᠰᠢᠯᠠᠬᠤ ᠬᠢᠷᠢ ᠭᠡᠮ ᠳᠤᠨᠢ ᠴᠤ ᠦᠨᠳᠦᠷ ᠱᠠᠭᠠᠷᠳᠠᠯᠭ᠎ᠠ ᠲᠠᠢ᠂ ᠰᠤᠷᠤᠭᠴᠢᠳ ᠢ ᠴᠦᠮ᠎ ᠪᠠᠶᠢᠷᠢ ᠳᠤ ᠰᠠᠭᠤᠯᠭᠠᠵᠤ ᠪᠠᠭ᠎ᠠ ᠡᠴᠡ ᠨᠢ ᠠᠩᠭ᠍ᠯᠢ ᠬᠡᠯᠡ ᠰᠤᠷᠤᠯᠴᠠᠭᠤᠯᠬᠤ ᠶᠢᠨ ᠬᠠᠮᠲᠤ ᠮᠤᠷᠠᠯ ᠤᠨ ᠪᠤᠯᠪᠠᠰᠤᠷᠠᠯ ᠢ ᠴᠤ ᠬᠦᠨᠳᠦᠳᠭᠡᠳᠡᠭ ᠪᠠᠶᠢᠵᠠᠢ᠃

    ᠤᠨ ᠵᠢᠯ ᠤᠨ ᠦᠩᠭᠡᠷᠡᠨ ᠤᠳᠬᠤ ᠶᠢ ᠳᠠᠭᠠᠯᠳᠤᠨ᠂ ᠤᠤᠯ ᠤᠨ ᠨᠡᠷ᠎ᠠ ᠴᠤᠤᠲᠠᠢ《ᠳ᠋ᠤᠺᠲ᠋ᠤᠷ ᠤᠨ ᠲᠤᠰᠬᠤᠨ》ᠤᠳᠤᠬᠠᠨ ᠳᠤ ᠲᠡᠮᠡᠢ ᠨᠡᠷ᠎ᠠ ᠦᠭᠡᠢ ᠪᠤᠯᠵᠦ ᠪᠠᠢᠢᠨ᠎ᠠ᠃ ᠭᠡᠳᠡᠯ᠎ᠠ ᠬᠠᠷᠢ ᠶᠢᠨ ᠨᠠᠮᠪᠠ ᠲᠠᠢ ᠠᠰᠠᠷ ᠪᠤᠯᠤᠨ ᠬᠦᠬᠡ ᠲᠤᠭᠤᠰᠬᠠᠨ ᠸᠠᠭᠠᠷᠤᠨ ᠭᠡᠷ ᠪᠠᠶᠢᠰᠢᠩ ᠡᠴᠡ ᠲᠤᠬᠠᠢ ᠶᠢᠨ ᠦᠶ᠎᠎ᠠ ᠶᠢᠨ ᠭᠡᠷᠡᠯ ᠭᠢᠯᠪᠠᠭ᠎ᠠ ᠬᠠᠷᠠᠭᠳᠠᠵᠤ᠂ ᠳ᠋ᠤᠺᠲ᠋ᠤᠷ ᠤᠳ  ᠤᠨ ᠤᠯᠤᠰ ᠢᠶᠡᠨ ᠬᠠᠶᠢᠷᠠᠯᠠᠬᠤ ᠨᠤᠲᠤᠭ ᠤᠰᠤ ᠪᠡᠨ ᠬᠠᠶᠢᠷᠠᠯᠠᠬᠤ ᠰᠡᠳᠭᠢᠯᠬᠡ ᠢᠯᠡᠷᠡᠵᠤ ᠪᠠᠶᠢᠪᠠ᠃

    ᠬᠤᠸᠠᠩ ᠵᠢᠶᠦ᠋ᠨ ᠵᠢᠶᠸ ᠲᠠᠢ ᠠᠳᠠᠯᠢ ᠪᠡᠷ ᠬᠤᠸᠠᠩ ᠴᠤᠤ ᠬᠦᠢ ᠳ᠋ᠤᠺᠲ᠋ᠤᠷ ᠬᠡᠳᠦᠶᠢᠪᠡᠷ ᠪᠠᠭ᠎ᠠ ᠡᠴᠡ ᠪᠡᠨ ᠺᠠᠨᠠᠳᠠ ᠳᠤ ᠦᠰᠦᠭᠰᠡᠨ ᠪᠤᠯᠪᠠᠴᠤ᠂ ᠬᠤᠵᠢᠮ ᠨᠢ ᠠᠮᠸᠷᠢᠺᠡ ᠳᠤ ᠳ᠋ᠤᠺᠲ᠋ᠤᠷ ᠤᠨ ᠴᠤᠯᠠ ᠬᠠᠮᠠᠭᠠᠯᠠᠵᠤ ᠲᠤᠬᠠᠢ ᠶᠢᠨ ᠦᠶ᠎ᠠ ᠶᠢᠨ ᠵᠠᠰᠠᠭ ᠤᠨ ᠤᠷᠳᠤᠨ ᠤ ᠤᠷᠢᠯᠭ᠎᠎ᠠ ᠪᠡᠷ ᠤᠯᠤᠰ ᠲᠤ ᠪᠡᠨ ᠪᠤᠴᠠᠵᠤ ᠤᠯᠤᠰ ᠤᠨ ᠪᠦᠲᠦᠭᠡᠨ ᠪᠠᠶᠢᠭᠤᠯᠤᠯᠲᠠ ᠳᠤ ᠤᠷᠤᠯᠴᠠᠵᠠᠢ᠃

    ᠲᠤᠬᠠᠢ ᠶᠢᠨ ᠪᠦᠰᠡ ᠨᠤᠲᠤᠭ ᠤᠨ ᠬᠦᠮᠦᠰ ᠳᠡᠲᠡᠨ ᠤ ᠨᠤᠲᠤᠭ ᠤᠰᠤᠨ ᠤ ᠪᠡᠨ ᠰᠤᠷᠭᠠᠨ ᠬᠦᠮᠦᠵᠢᠯ ᠳᠡᠬᠢ ᠬᠤᠪᠢ ᠨᠡᠮᠡᠷᠢ ᠶᠢ ᠶᠠᠷᠢᠯᠴᠠᠬᠤ ᠳᠤᠷᠠᠲᠠᠢ᠃ ᠦᠭᠡᠷᠡᠴᠢᠯᠡᠯᠲᠡ ᠨᠡᠭᠡᠭᠡᠯᠲᠡ ᠡᠴᠡ ᠨᠠᠰᠢ᠂ ᠳ᠋ᠤᠺᠲ᠋ᠤᠷ ᠤᠳ  ᠢ ᠪᠠᠭᠳᠠᠭᠠᠭᠰᠠᠨ ᠳᠠᠪᠬᠤᠷᠳᠠᠭᠰᠠᠨ ᠲᠤᠭ᠎᠎ᠠ ᠪᠡᠷ 400 ᠭᠠᠷᠤᠢ ᠳᠤᠮᠳᠠᠳᠤ ᠶᠢᠨ ᠬᠠᠷᠢᠶᠠᠲᠤ ᠬᠠᠨᠳᠢᠪ ᠬᠦᠷᠭᠡᠭ᠍ᠰᠡᠨ ᠢᠶᠡᠷ ᠨᠤᠲᠤᠭ ᠤᠰᠤᠨ ᠤ ᠪᠡᠨ ᠰᠤᠷᠭᠠᠭᠤᠯᠢ ᠳᠤ ᠡᠯ᠎ᠠ ᠲᠦᠷᠦᠯ ᠤᠨ ᠵᠢᠭᠠᠨ ᠰᠤᠷᠭᠠᠯᠲᠠ ᠶᠢᠨ ᠲᠦᠬᠦᠭᠡᠷᠦᠮᠵᠢ ᠨᠡᠮᠡᠷᠢᠯᠡᠵᠤ᠂ ᠵᠢᠭᠠᠨ ᠰᠤᠷᠭᠠᠯᠲᠠ ᠶᠢᠨ ᠨᠦᠬᠦᠴᠡᠯ ᠢ ᠰᠠᠶᠢᠵᠢᠷᠠᠭᠤᠯᠵᠤ ᠰᠤᠷᠭᠠᠭᠤᠯᠢ ᠶᠢᠨ ᠬᠦᠷᠢᠶ ᠠ ᠬᠡᠪᠴᠢᠶ᠎ᠠ ᠶᠢ ᠦᠷᠭᠡᠳᠭᠡᠭ᠍ᠰᠡᠨ ᠪᠠᠶᠢᠨ᠎ᠠ᠃ ᠱᠤᠤ ᠰᠢᠶᠠᠨ ᠰᠤᠷᠭᠠᠭᠤᠯᠢ ᠶᠢᠨ ᠲᠡᠤᠬᠡ ᠶᠢᠨ ᠤᠯᠠ ᠮᠦᠷ ᠢ ᠬᠠᠶᠢᠬᠤ ᠳᠤ ᠤᠯᠠᠨ ᠠᠷᠪᠢᠨ ᠳᠤᠮᠳᠠᠳᠤ ᠶᠢᠨ ᠬᠠᠷᠢᠶᠠᠲᠤ ᠬᠠᠨᠳᠢᠪ ᠭᠦᠷᠭᠡᠭ᠍ᠰᠡᠨ ᠪᠠᠶᠢᠳᠠᠭ᠃ 1972 ᠤᠨ ᠳᠤ᠂ ᠭᠤᠷᠪᠠᠨ ᠲᠠᠰᠤᠯᠭ᠎ᠠ ᠲᠤᠮᠤ ᠰᠦᠮ᠎ᠠ ᠶᠢ ᠪᠠᠶᠢᠰᠢᠩ ᠭᠡᠷ ᠤᠨ ᠰᠤᠷᠭᠠᠭᠤᠯᠢ ᠪᠤᠯᠭᠠᠵᠦ ᠦᠭᠡᠷᠡᠴᠢᠯᠡᠬᠦ ᠳᠤ ᠰᠢᠶᠠᠩᠭ᠋ᠠᠩ ᠳᠤ ᠠᠮᠢᠳᠤᠷᠠᠭ᠎ᠠ ᠬᠤᠸᠠᠩ ᠶᠤᠤ ᠳ᠋ᠦᠩ ᠬᠦᠷᠦᠩᠭᠡ ᠬᠠᠨᠳᠢᠪᠯᠠᠪᠠ᠂ 1987 ᠤᠨ ᠳᠤ ᠠᠮᠸᠷᠢᠺᠡ ᠳᠤ ᠠᠮᠢᠳᠤᠷᠠᠭ᠎ᠠ ᠬᠤᠸᠠᠩ ᠰᠦᠩ ᠵᠢᠨ ᠭᠠᠭᠴᠠᠭᠠᠷ ᠢᠶᠡᠨ ᠬᠦᠷᠦᠩᠭᠡ ᠤᠷᠤᠭᠤᠯᠵᠤ《 ᠹᠸᠩ ᠡᠢ ᠠᠰᠠᠷ》 ᠢ ᠪᠠᠶᠢᠭᠤᠯᠵᠠᠢ᠂ 1999 ᠤᠨ ᠳᠤ᠂ ᠰᠤᠷᠭᠠᠭᠤᠯᠢ ᠶᠢᠨ ᠪᠠᠶᠢᠷᠢ ᠶᠢ ᠳᠠᠬᠢᠨ ᠪᠠᠶᠢᠭᠤᠯᠬᠤ ᠦᠶᠡᠰ ᠠᠮᠸᠷᠢᠺᠡ ᠳᠤ ᠠᠮᠢᠳᠤᠷᠠᠭ᠎ᠠ ᠬᠤᠳᠠᠯᠳᠤᠭᠠᠴᠢᠨ ᠬᠤᠸᠠᠩ ᠵᠦᠸᠸ ᠯᠢᠨ 100 ᠲᠦᠮᠡᠨ ᠲᠦᠬᠦᠷᠢᠭ᠌ ᠬᠠᠨᠳᠢᠪᠯᠠᠵᠤ ᠵᠢᠭᠠᠨ ᠰᠤᠷᠭᠠᠯᠲᠠ ᠶᠢᠨ ᠠᠰᠠᠷ ᠢ ᠪᠠᠶᠢᠭᠤᠯᠤᠭᠰᠠᠨ ᠪᠠᠶᠢᠨ᠎ᠠ ᠁ 

    ᠤᠶᠢᠯᠠᠭᠠᠭᠰᠠᠨ ᠢᠶᠡᠷ᠂ ᠪᠠᠢ ᠱᠠ ᠪᠠᠯᠭᠠᠰᠤᠨ ᠤ ᠵᠠᠰᠠᠭ ᠤᠨ ᠤᠷᠳᠤᠨ ᠡᠴᠡ《ᠳ᠋ᠤᠺᠲ᠋ᠤᠷ ᠤᠨ ᠲᠤᠰᠬᠤᠨ》 ᠢ ᠵᠢᠭᠤᠯᠴᠢᠯᠠᠯ ᠤᠨ ᠤᠷᠤᠨ ᠪᠤᠯᠭᠠᠵᠤ ᠭᠠᠳᠠᠨᠠᠬᠢ ᠬᠦᠮᠦᠰ ᠲᠤ ᠲᠤᠰ ᠲᠤᠰᠬᠤᠨ ᠤ ᠦᠯᠢᠭᠡᠷ ᠲᠡᠤᠬᠡ ᠶᠢ ᠮᠡᠳᠡᠭᠦᠯᠬᠦ ᠪᠡᠷ ᠲᠦᠯᠦᠪᠯᠡᠵᠤ ᠪᠤᠢ᠃

ᠰᠢ ᠼᠦᠨ ᠲᠤᠰᠬᠤᠨ

ᠢᠷᠡᠯᠳᠡ᠄ ᠰᠢᠨᠬᠤᠸᠠ ᠬᠤᠷᠢᠶ᠎ᠠ ᠶᠢᠨ APP ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121487641