蒙古文网站Logo
ᠰᠢᠨᠬᠤᠸᠠ ᠮᠤᠩᠭ᠋ᠤᠯ ᠨᠧᠲ

731 ᠴᠡᠷᠢᠭ᠌ ᠠᠩᠬᠢ ᠶᠢᠨ ᠬᠦᠮᠦᠨ ᠤ ᠪᠡᠶ᠎ᠡ ᠪᠡᠷ ᠳᠤᠷᠰᠢᠯᠳᠠ ᠬᠢᠭᠰᠡᠨ ᠪᠠ ᠪᠠᠺᠲ᠋ᠧᠷᠢᠳᠤ ᠳᠠᠶᠢᠨ ᠶᠠᠪᠤᠭᠤᠯᠤᠭᠰᠠᠨ ᠬᠡᠷᠡᠴᠢ ᠶᠢ ᠵᠠᠷᠯᠠᠪᠠ

2017-08-18 16:57

    ᠰᠢᠨᠬᠤᠧᠠ ᠬᠤᠷᠢᠶ᠎ᠠ   ᠬᠠᠷᠪᠢᠨ ᠤ 8 ᠰᠠᠷ᠎ᠠ ᠶᠢᠨ 18 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠸᠠᠩ ᠵᠢᠶᠠᠨ) ᠳᠤᠮᠳᠠᠳᠤ ᠤᠯᠤᠰ ᠢ ᠳᠦᠷᠢᠮᠡᠬᠡᠶᠢᠯᠡᠭᠰᠡᠨ ᠶᠠᠫᠤᠨ ᠤ 731 ᠴᠡᠷᠢᠭ᠌ ᠠᠩᠬᠢ ᠶᠢᠨ ᠶᠠᠯ᠎ᠠ ᠶᠢᠨ ᠬᠡᠷᠡᠴᠢ ᠶᠢ ᠳᠡᠯᠬᠡᠨ ᠦᠵᠡᠬᠦᠯᠬᠦ ᠤᠷᠳᠤᠨ 18 ᠤ ᠡᠳᠦᠷ ᠰᠢᠨᠬᠤᠧᠠ ᠬᠤᠷᠢᠶ᠎ᠠ ᠪᠡᠷ ᠳᠠᠮᠵᠢᠭᠤᠯᠤᠨ ᠳᠤᠰ ᠴᠡᠷᠢᠭ᠌ ᠠᠩᠬᠢ ᠶᠢᠨ ᠬᠦᠮᠦᠨ ᠤ ᠪᠡᠶ᠎ᠡ ᠪᠡᠷ ᠳᠤᠷᠰᠢᠯᠳᠠ ᠬᠢᠭᠰᠡᠨ ᠪᠠ ᠪᠠᠺᠲ᠋ᠧᠷᠢ ᠰᠤᠳᠤᠯᠵᠤ ᠦᠢᠯᠡᠳᠪᠦᠷᠢᠯᠡᠭᠰᠡᠨ ᠬᠠᠮᠤᠭ ᠤᠨ ᠰᠢᠨ᠎ᠡ ᠬᠡᠷᠡᠴᠢ ᠪᠠᠷᠢᠮᠳᠠ ᠶᠢ ᠵᠠᠷᠯᠠᠭᠰᠠᠨ ᠪᠠᠶᠢᠨ᠎ᠠ᠃ ᠡᠬᠦᠨ ᠳᠤ ᠳᠤᠰᠬᠠᠢ ᠬᠤᠯᠤᠭᠠᠨ᠎ᠠ ᠶᠢᠨ ᠬᠢᠵᠢᠭ᠌ ᠤᠨ ᠪᠠᠺᠲ᠋ᠧᠷᠢ ᠬᠢᠬᠦ ᠳᠤ ᠬᠡᠷᠡᠭᠯᠡᠬᠦ ᠴᠠᠬᠢᠯᠭᠠᠨ ᠢᠶᠡᠷ ᠬᠦᠪᠦᠷᠡᠯ ᠪᠤᠶᠢᠵᠢᠭᠤᠯᠬᠤ ᠪᠠᠭᠠᠵᠢ᠂ ᠪᠠᠺᠲ᠋ᠧᠷᠢᠳᠤ ᠳᠠᠶᠢᠨ ᠤ ᠶᠠᠯᠠᠳᠠᠨ ᠤ ᠦᠴᠢᠭ᠌᠂ 《ᠮᠠᠷᠤᠲ᠋ᠠ》 ᠵᠦᠬᠡᠬᠡᠪᠦᠷᠢᠯᠡᠭᠰᠡᠨ ᠳᠠᠩᠰᠠ ᠡᠪᠬᠡᠮᠡᠯ ᠵᠢᠴᠢ ᠳᠤᠰ ᠴᠡᠷᠢᠭ᠌ ᠠᠩᠬᠢ ᠶᠢᠨ ᠳᠤᠬᠠᠢ ᠶᠢᠨ ᠦᠶ᠎ᠡ ᠶᠢᠨ ᠵᠢᠷᠤᠭ ᠰᠡᠬᠦᠳᠡᠷ ᠤᠳ ᠪᠠᠭᠳᠠᠵᠠᠢ᠃

    ᠳᠠᠨᠢᠯᠴᠠᠭᠤᠯᠤᠭᠰᠠᠨ ᠢᠶᠡᠷ᠂ ᠡᠳᠡᠬᠡᠷ ᠬᠡᠷᠡᠴᠢ ᠪᠠᠷᠢᠮᠳᠠ ᠨᠤᠭᠤᠳ ᠢ ᠴᠦᠮ ᠬᠠᠷᠪᠢᠨ ᠤ ᠡᠬᠡᠯ ᠢᠷᠬᠡᠳ ᠤᠨ ᠳᠤᠮᠳᠠ ᠡᠴᠡ ᠴᠤᠭᠯᠠᠭᠤᠯᠵᠤ ᠠᠪᠴᠢᠷᠠᠵᠠᠢ᠃ ᠬᠤᠯᠤᠭᠠᠨ᠎ᠠ ᠶᠢᠨ ᠬᠢᠵᠢᠭ᠌ ᠤᠨ ᠪᠠᠺᠲ᠋ᠧᠷᠢ ᠬᠢᠬᠦ ᠳᠤ ᠬᠡᠷᠡᠭᠯᠡᠬᠦ ᠴᠠᠬᠢᠯᠭᠠᠨ ᠢᠶᠡᠷ ᠬᠦᠪᠦᠷᠡᠯ ᠪᠤᠶᠢᠵᠢᠭᠤᠯᠬᠤ ᠪᠠᠭᠠᠵᠢ ᠨᠢ ᠳᠦᠷᠪᠡᠯᠵᠢᠨ ᠬᠡᠯᠪᠡᠷᠢ ᠲᠠᠢ ᠪᠦᠷᠢᠨ ᠪᠦᠳᠦᠨ ᠬᠤᠷᠭᠤ ᠪᠠᠶᠢᠵᠤ᠂ 731 ᠴᠡᠷᠢᠭ᠌ ᠠᠩᠬᠢ ᠶᠢᠨ ᠪᠠᠺᠲ᠋ᠧᠷᠢ ᠦᠢᠯᠡᠳᠪᠦᠷᠢᠯᠡᠬᠦ ᠳᠠᠰᠤᠭ ᠤᠨ ᠨᠢᠬᠡᠨ ᠬᠡᠰᠢᠬᠦᠨ ᠤ 1954 ᠤᠨ ᠤ 9 ᠰᠠᠷ᠎ᠠ ᠶᠢᠨ 3 ᠤ ᠡᠳᠦᠷ ᠤᠨ ᠳᠠᠶᠢᠶᠤᠧᠠᠨ ᠳᠡᠬᠢ ᠰᠢᠬᠦᠯᠳᠡ ᠪᠡᠷ ᠳᠤᠰᠢᠶᠠᠭᠰᠠᠨ ᠦᠴᠢᠭ ᠲᠤ ᠳᠤᠷᠠᠳᠤᠭᠳᠠᠵᠠᠢ᠃ ᠳᠡᠬᠦᠨ ᠤ ᠳᠤᠰᠢᠶᠠᠭᠰᠠᠨ ᠢᠶᠡᠷ᠂ ᠳᠤᠬᠠᠢ ᠶᠢᠨ ᠦᠶ᠎ᠡ ᠳᠤ ᠶᠠᠫᠤᠨ ᠴᠡᠷᠢᠭ᠌ ᠡᠳᠦᠷ ᠪᠦᠷᠢ 10 ᠺᠢᠯᠤᠭ᠍ᠷᠠᠮ ᠪᠠᠺᠲ᠋ᠧᠷᠢ ᠦᠢᠯᠡᠳᠪᠦᠷᠢᠯᠡᠭᠡᠳ ᠵᠦᠬᠡᠬᠡᠪᠦᠷᠢᠯᠡᠬᠦ ᠮᠠᠰᠢᠨ ᠢᠶᠡᠷ ᠪᠠᠺᠲ᠋ᠧᠷᠢ ᠦᠷᠡᠵᠢᠬᠦᠯᠬᠦ ᠳᠠᠰᠤᠭ ᠲᠤ ᠬᠦᠷᠬᠡᠨ 12 ᠴᠠᠭ ᠪᠤᠶᠤ 24 ᠴᠠᠭ ᠤᠨ ᠬᠢᠨᠢ ᠳᠠᠷᠠᠭ᠎ᠠ ᠴᠡᠷᠢᠭ᠌ ᠠᠩᠬᠢ ᠳᠤ ᠬᠦᠷᠬᠡᠵᠤ ᠦᠭᠳᠡᠭ ᠪᠠᠶᠢᠵᠠᠢ᠃

    ᠭᠤᠷᠪᠠᠨ ᠬᠤᠪᠢ ᠨᠢ ᠰᠢᠷᠠᠯᠠᠵᠤ ᠦᠵᠢᠷᠡᠭᠰᠡᠨ ᠳᠠᠩᠰᠠ ᠡᠪᠬᠡᠮᠡᠯ ᠳᠤ ᠶᠠᠫᠤᠨ ᠤ 731 ᠴᠡᠷᠢᠭ᠌ ᠠᠩᠬᠢ ᠶᠢᠨ ᠬᠦᠮᠦᠨ ᠤ ᠪᠡᠶ᠎ᠡ ᠪᠡᠷ ᠳᠤᠷᠰᠢᠯᠳᠠ ᠬᠢᠭᠰᠡᠨ ᠪᠠ ᠪᠠᠺᠲ᠋ᠧᠷᠢᠳᠤ ᠳᠠᠶᠢᠨ ᠶᠠᠪᠤᠭᠤᠯᠤᠭᠰᠠᠨ ᠦᠨᠡᠨ ᠪᠤᠳᠠᠳᠤ ᠬᠡᠷᠡᠭ ᠢ ᠨᠠᠷᠢᠨ ᠳᠡᠮᠳᠡᠭᠯᠡᠵᠡᠢ᠃ ᠡᠬᠦᠨ ᠳᠤ ᠪᠠᠰᠠ ᠪᠠᠺᠲ᠋ᠧᠷᠢᠳᠤ ᠳᠠᠶᠢᠨ ᠤ ᠬᠤᠶᠠᠷ ᠶᠠᠯᠠᠳᠠᠨ ᠤ ᠠᠮᠠᠨ ᠦᠴᠢᠭ ᠪᠤᠢ᠃

    ᠬᠠᠷᠪᠢᠨ ᠤ ᠳᠡᠮᠦᠷ ᠵᠠᠮ ᠤᠨ ᠴᠠᠭᠳᠠᠭᠠᠨ ᠤ ᠮᠠᠲ᠋ᠧᠷᠢᠶᠠᠯ ᠤᠨ ᠳᠠᠩᠰᠠᠨ ᠳᠤ᠂ ᠨᠢᠬᠡᠨ ᠡᠪ ᠬᠠᠮᠳᠤ ᠨᠠᠮ ᠤᠨ ᠬᠡᠰᠢᠬᠦᠨ ᠤ《ᠮᠠᠷᠤᠲ᠋ᠠ》ᠪᠤᠯᠵᠤ 731 ᠴᠡᠷᠢᠭ᠌ ᠠᠩᠬᠢ ᠳᠤ ᠵᠦᠬᠡᠬᠡᠪᠦᠷᠢᠯᠡᠭᠳᠡᠨ ᠳᠤᠷᠰᠢᠯᠳᠠ ᠬᠢᠯᠬᠡᠬᠦᠯᠵᠤ ᠪᠠᠶᠢᠭᠰᠠᠨ ᠪᠤᠳᠠᠳᠤ ᠤᠴᠢᠷ ᠢ ᠳᠡᠮᠳᠡᠭᠯᠡᠵᠡᠢ᠃ ᠳᠠᠩᠰᠠ ᠡᠪᠬᠡᠮᠡᠯ ᠳᠤ ᠳᠡᠮᠳᠡᠭᠯᠡᠭᠳᠡᠭᠰᠡᠨ ᠢᠶᠡᠷ᠂ ᠠᠳᠠᠭ ᠲᠠᠭᠠᠨ 3000 ᠭᠠᠷᠤᠢ ᠬᠦᠮᠦᠨ ᠳᠤᠰ ᠤᠳᠠᠭᠠᠨ ᠤ ᠬᠦᠮᠦᠨ ᠤ ᠪᠡᠶ᠎ᠡ ᠶᠢᠨ ᠳᠤᠷᠰᠢᠯᠳᠠ ᠳᠤ ᠠᠰᠢᠭᠯᠠᠭᠳᠠᠭᠰᠠᠨ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121506528