蒙古文网站Logo
ᠰᠢᠨᠬᠤᠸᠠ ᠮᠤᠩᠭ᠋ᠤᠯ ᠨᠧᠲ

ᠵᠢᠶᠠᠩᠰᠤ ᠶᠢᠨ ᠰᠢᠤᠢ ᠢ ᠡᠴᠡ ᠶᠡᠬᠡ ᠬᠡᠮᠵᠢᠶᠡᠨ ᠤ ᠬᠠᠭᠤᠴᠢ ᠪᠤᠳᠠᠰ ᠤᠯᠳᠠᠪᠠ

2017-08-23 15:56

8 ᠰᠠᠷ᠎ᠠ ᠶᠢᠨ 22 ᠤᠨ ᠡᠳᠦᠷ᠂ ᠠᠷᠬᠢᠯᠤᠬᠢᠴᠢᠳ ᠳ᠋ᠦ᠋ ᠯᠢᠶᠠᠩ ᠤᠨ ᠤᠷᠳᠤᠨ ᠤ ᠪᠠᠭᠤᠷᠢ ᠳᠤ ᠮᠠᠯᠳᠠᠯᠭ᠎ᠠ ᠬᠢᠵᠤ ᠪᠠᠶᠢᠭ᠎ᠠ ᠨᠢ

    ᠤᠶᠢᠷ᠎ᠠ ᠶᠢᠨ ᠡᠳᠦᠷ᠂ ᠵᠢᠶᠠᠩᠰᠤ ᠮᠤᠵᠢ ᠶᠢᠨ ᠬᠤᠧᠠᠢ ᠠᠨ ᠬᠤᠳᠠ ᠶᠢᠨ ᠰᠢᠤᠢ ᠢ ᠰᠢᠶᠠᠨ ᠤ ᠨᠤᠤᠷᠠᠬᠠᠢ ᠤᠷᠤᠨ ᠰᠠᠭᠤᠴᠠ ᠶᠢ ᠵᠠᠰᠠᠨ ᠰᠢᠨᠡᠳᠬᠡᠬᠦ ᠶᠠᠪᠤᠴᠠ ᠳᠤ ᠮᠢᠩᠭᠠᠨ ᠤᠨ ᠠᠯᠤᠰᠯᠠᠭᠰᠠᠨ ᠶᠡᠬᠡ ᠬᠡᠮᠵᠢᠶᠡᠨ ᠤ ᠬᠠᠭᠤᠴᠢ ᠪᠤᠳᠠᠰ ᠤᠯᠳᠠᠭᠰᠠᠨ ᠪᠠᠶᠢᠨ᠎ᠠ᠃ ᠤᠳᠤ ᠪᠤᠯᠳᠠᠯ᠎ᠠ ᠨᠡᠶᠢᠳᠡ 30 ᠬᠡᠰᠡᠭ ᠡᠷᠳᠡᠨ ᠤ ᠪᠠᠷᠢᠯᠭ᠎ᠠ ᠶᠢᠨ ᠪᠠᠭᠤᠷᠢ ᠤᠯᠳᠠᠵᠠᠢ᠂ ᠡᠬᠦᠨ ᠳᠤ ᠡᠮᠦᠨᠡᠳᠦ ᠰᠦᠩ ᠬᠦᠷᠦᠨ ᠤ ᠦᠶ᠎ᠡ ᠶᠢᠨ 8000 ᠮᠧᠲ᠋ᠷ ᠤᠷᠳᠤ ᠬᠡᠷᠡᠮ᠂ ᠳ᠋ᠦ᠋ ᠯᠢᠶᠠᠩ ᠤᠨ ᠤᠷᠳᠤᠨ ᠤ ᠪᠠᠭᠤᠷᠢ᠂ ᠮᠢᠩ ᠴᠢᠩ ᠬᠦᠷᠦᠨ ᠤ ᠬᠤᠧᠠᠢ ᠡᠾᠧ ᠭᠤᠤᠯ ᠤᠨ ᠴᠢᠯᠠᠭᠤᠨ ᠬᠠᠰᠢᠯᠭ᠎ᠠ ᠶᠢᠨ ᠪᠠᠭᠤᠷᠢ ᠵᠢᠴᠢ ᠡᠷᠳᠡᠨ ᠤ ᠬᠤᠳᠠ ᠶᠢᠨ ᠳᠦᠪ ᠲᠡᠬᠢ ᠤᠰᠤᠨ ᠰᠢᠰᠲ᠋ᠧᠮ ᠤᠨ ᠭᠤᠤᠯ ᠪᠠᠷᠢᠯᠭ᠎ᠠ ᠶᠢᠨ ᠪᠠᠭᠤᠷᠢ ᠪᠠᠭᠳᠠᠵᠠᠢ᠃ ᠳᠤᠬᠠᠢ ᠶᠢᠨ ᠭᠠᠵᠠᠷ ᠤᠨ ᠵᠠᠰᠠᠭ ᠤᠨ ᠤᠷᠳᠤᠨ ᠡᠴᠡ ᠤᠭ ᠳᠦᠷᠰᠦ ᠶᠢ ᠨᠢ ᠰᠡᠷᠬᠦᠬᠡᠨ ᠡᠷᠳᠡᠨ ᠤ ᠬᠤᠳᠠ ᠶᠢᠨ ᠪᠠᠭᠤᠷᠢ ᠶᠢᠨ ᠴᠡᠴᠡᠷᠯᠢᠭ ᠪᠤᠯᠭᠠᠨ ᠪᠠᠶᠢᠭᠤᠯᠬᠤ ᠪᠡᠷ ᠳᠦᠰᠦᠪᠯᠡᠵᠤ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121530338