蒙古文网站Logo
ᠰᠢᠨᠬᠤᠸᠠ ᠮᠤᠩᠭ᠋ᠤᠯ ᠨᠧᠲ

ᠥᠨᠥᠳᠦᠷ ᠡᠴᠡ ᠡᠬᠢᠯᠡᠨ ᠡᠳᠡᠭᠡᠷ ᠰᠢᠨ᠎ᠠ ᠲᠤᠭᠳᠠᠭᠠᠯ ᠲᠠ ᠪᠢᠳᠡᠨ ᠤ ᠠᠮᠢᠳᠤᠷᠠᠯ ᠢ ᠨᠦᠯᠦᠭᠡᠯᠡᠨ᠎ᠠ

2017-09-01 16:39

    ᠰᠢᠨ᠎ᠠ ᠨᠢᠬᠡᠨ ᠰᠠᠷ᠎ᠠ ᠡᠬᠢᠯᠡᠯ᠎ᠠ᠂ ᠢᠷᠭᠡᠳ ᠤᠨ ᠠᠮᠢᠳᠤᠷᠠᠯ ᠲᠠᠢ ᠨᠢᠬᠲᠠ ᠬᠤᠯᠪᠤᠭᠠᠲᠠᠢ ᠴᠤᠪᠤᠷᠠᠯ ᠰᠢᠨ᠎ᠠ ᠲᠤᠬᠲᠠᠭᠠᠯ  ᠢ 9 ᠰᠠᠷ᠎ᠠ ᠶᠢᠨ 1 ᠤ ᠡᠳᠦᠷ ᠡᠴᠡ ᠡᠬᠢᠯᠡᠨ ᠬᠡᠷᠡᠭᠵᠢᠬᠦᠯᠬᠦ ᠪᠡᠷ ᠲᠤᠭᠲᠠᠬᠰᠠᠨ ᠪᠠᠶᠢᠨ᠎ᠠ᠃ ᠳᠡᠭᠡᠪᠡᠯ ᠡᠳᠡᠭᠡᠷ ᠰᠢᠨ᠎ᠠ ᠲᠤᠭᠳᠠᠭᠠᠯ ᠪᠢᠲᠠᠨ ᠤ ᠠᠮᠢᠳᠤᠷᠠᠯ ᠢ ᠬᠡᠷᠬᠢᠨ ᠨᠦᠯᠦᠭᠡᠯᠡᠬᠦ ᠪᠤᠯ ?

ᠭᠠᠷ ᠤᠳᠠᠰᠤᠨ ᠤ ᠤᠯᠤᠰ ᠤᠨ ᠲᠤᠳᠤᠭᠠᠲᠤ ᠳ᠋ᠡᠬᠢ ᠬᠤᠯᠠ ᠶᠢᠨ ᠤᠳᠠᠰᠤᠨ ᠤ ᠳᠠᠭᠠᠯᠲᠠ ᠥᠢᠯᠡᠴᠢᠯᠡᠬᠡᠨ ᠤ ᠲᠦᠯᠦᠪᠦᠷᠢ ᠶᠢ ᠦᠬᠡᠶᠢᠰᠬᠡᠪᠡ

    9 ᠰᠠᠷ᠎ᠠ ᠶᠢᠨ 1 ᠤ ᠡᠳᠦᠷ ᠡᠴᠡ ᠡᠬᠢᠯᠡᠨ ᠳᠤᠮᠳᠠᠳᠤ ᠤᠯᠤᠰ ᠤᠨ ᠰᠢᠯᠵᠢᠮᠡᠯ ᠬᠤᠯᠪᠤᠭ᠎ᠠ᠂ ᠳᠤᠮᠳᠠᠳᠤ ᠤᠯᠤᠰ ᠤᠨ ᠨᠢᠬᠡᠳᠤᠮᠡᠯ ᠬᠤᠯᠪᠤᠭ᠎ᠠ ᠪᠤᠯᠤᠨ ᠴᠠᠬᠢᠯᠭᠠᠨ ᠬᠤᠯᠪᠤᠭ᠎ᠠ ᠭᠠᠷ ᠤᠳᠠᠰᠤᠨ ᠤ ᠤᠯᠤᠰ ᠤᠨ ᠲᠤᠳᠤᠭᠠᠲᠤ ᠳ᠋ᠡᠬᠢ ᠬᠤᠯᠠ ᠶᠢᠨ ᠤᠳᠠᠰᠤᠨ ᠤ ᠳᠠᠭᠠᠯᠲᠠ ᠥᠢᠯᠡᠴᠢᠯᠡᠬᠡᠨ ᠤ ᠲᠦᠯᠦᠪᠦᠷᠢ ᠶᠢ ᠦᠬᠡᠶᠢᠰᠭᠡᠨ᠎ᠠ᠃ ᠡᠨᠡ ᠨᠢ᠂ 9 ᠳ᠋ᠤᠭᠡᠷ ᠰᠠᠷ᠎ᠠ ᠡᠴᠡ ᠡᠬᠢᠯᠡᠨ ᠤᠯᠤᠰ ᠤᠨ ᠲᠤᠳᠤᠭᠠᠲᠤ ᠳ᠋ᠡᠬᠢ ᠭᠠᠷ ᠤᠳᠠᠰᠤ ᠪᠡᠷ ᠶᠠᠷᠢᠬᠤ ᠲᠦᠯᠦᠪᠦᠷᠢ ᠴᠦᠮ ᠠᠳᠠᠯᠢᠬᠠᠨ ᠪᠤᠯᠤᠭᠰᠠᠨ ᠢ ᠢᠯᠡᠷᠭᠡᠶᠢᠯᠡᠭᠰᠡᠨ ᠪᠠᠶᠢᠨ᠎ᠠ᠃

ᠵᠠᠬᠢᠶᠠᠯᠠᠭ᠎ᠠ ᠶᠢᠨ ᠬᠤᠭᠤᠯᠠ 《ᠳᠦᠷᠢᠮ》ᠲᠠᠢ ᠪᠤᠯᠪᠠ

    9 ᠰᠠᠷ᠎ᠠ ᠶᠢᠨ 1 ᠤ ᠡᠳᠦᠷ ᠡᠴᠡ ᠡᠬᠢᠯᠡᠨ 《ᠵᠠᠬᠢᠶᠠᠯᠠᠭ᠎ᠠ ᠶᠢᠨ ᠬᠤᠭᠤᠯᠠ ᠬᠦᠷᠭᠡᠬᠦ ᠥᠢᠯᠡᠴᠢᠯᠡᠬᠡᠨ ᠤ ᠳᠦᠷᠢᠮ》 ᠢ᠋ ᠠᠯᠪᠠᠨ ᠶᠤᠰᠤᠭᠠᠷ ᠬᠡᠷᠡᠭᠵᠢᠬᠦᠯᠬᠦ ᠪᠡᠷ ᠳᠠᠮᠵᠢᠨ ᠬᠡᠷᠡᠭᠯᠡᠭᠴᠢᠳ ᠤᠨ ᠠᠩᠬᠠᠷᠴᠤ ᠪᠠᠶᠢᠭ᠎ᠠ ᠬᠦᠷᠭᠡᠬᠦ ᠨᠢ ᠤᠳᠠᠭᠠᠨ᠂ ᠵᠠᠬᠢᠶᠠᠯᠠᠬᠰᠠᠨ ᠬᠤᠭᠤᠯᠠ ᠪᠦᠷᠢᠨ ᠪᠤᠰᠤ᠂ ᠠᠷᠢᠭᠤᠨ ᠴᠡᠪᠡᠷ ᠤᠨ ᠨᠦᠬᠦᠴᠡᠯ ᠮᠠᠭᠤ᠂ ᠵᠠᠬᠢᠶᠠᠯᠠᠭ᠎ᠠ ᠶᠢᠨ ᠬᠤᠭᠤᠯᠠ ᠬᠦᠷᠭᠡᠬᠦ ᠠᠵᠢᠯᠲᠠᠨ ᠤ ᠥᠢᠯᠡᠴᠢᠯᠡᠬᠡᠨ ᠤ ᠬᠢᠷᠢ ᠲᠦᠪᠰᠢᠨ ᠠᠳᠠᠯᠢ ᠪᠤᠰᠤ ᠵᠡᠷᠭᠡ ᠠᠰᠠᠭᠤᠳᠠᠯ ᠴᠦᠮ ᠲᠦᠷᠢᠮᠵᠢᠯ ᠲᠠᠢ ᠪᠤᠯᠤᠨ᠎ᠠ᠃

《ᠰᠠᠷ᠎ᠠ ᠰᠤᠪᠢᠯᠠᠬᠤ ᠲᠦᠪ》 ᠲᠤ ᠨᠢᠬᠡᠳᠤᠯᠲᠠᠢ ᠪᠠᠷᠢᠮᠵᠢᠶ᠎ᠠ ᠲᠤᠭᠳᠠᠭᠠᠪᠠ

    《ᠡᠬᠡ ᠨᠢᠯᠬᠠᠰ ᠤᠨ ᠡᠷᠡᠭᠦᠯ ᠢ ᠬᠠᠮᠠᠭᠠᠯᠠᠬᠤ ᠥᠢᠯᠡᠴᠢᠯᠡᠬᠡᠨ ᠤ ᠭᠠᠵᠠᠷ ᠤᠨ ᠨᠡᠶᠢᠳᠡᠯᠢᠭ ᠬᠡᠷᠡᠭᠯᠡᠬᠦ ᠱᠠᠭᠠᠷᠳᠠᠯᠭ᠎ᠠ》 ᠶ᠋ᠢ 9 ᠰᠠᠷ᠎ᠠ ᠶᠢᠨ 1 ᠤ ᠡᠳᠦᠷ ᠡᠴᠡ ᠡᠬᠢᠯᠡᠨ ᠬᠡᠷᠡᠭᠵᠢᠬᠦᠯᠪᠠ᠃ ᠤᠯᠤᠰ ᠳᠠᠶᠠᠭᠠᠷ ᠤᠨ 4000 ᠭᠠᠷᠤᠢ ᠰᠠᠷ᠎ᠠ ᠰᠤᠪᠢᠯᠠᠬᠤ ᠪᠠᠶᠢᠭᠤᠯᠤᠮᠵᠢ ᠨᠢᠬᠡᠳᠤᠯᠲᠠᠢ ᠤᠯᠤᠰ ᠤᠨ ᠪᠠᠷᠢᠮᠵᠢᠶ᠎ᠠ ᠬᠡᠷᠡᠭᠵᠢᠭᠦᠯᠬᠦ ᠪᠤᠯᠤᠬᠰᠠᠨ ᠪᠠᠶᠢᠨ᠎ᠠ᠃

ᠰᠲ᠋ᠤᠺ ᠡᠵᠡᠮᠰᠢᠭᠴᠢ ᠡᠷᠭᠡ ᠠᠰᠢᠭ ᠢᠶᠡᠨ ᠳᠤᠷ᠎ᠠ ᠪᠡᠷ ᠢᠶᠡᠨ ᠬᠡᠷᠡᠭᠯᠡᠪᠡᠯ ᠬᠠᠤᠯᠢ  ᠪᠠᠷ ᠬᠠᠮᠢᠶᠠᠷᠤᠨ᠎ᠠ

    9 ᠰᠠᠷ᠎ᠠ ᠶᠢᠨ 1 ᠤ ᠡᠳᠦᠷ ᠡᠴᠡ《ᠠᠷᠠᠳ ᠤᠨ ᠳᠡᠭᠡᠲᠤ ᠰᠢᠬᠦᠬᠦ ᠬᠤᠷᠢᠶᠠᠨ ᠤ <ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠺᠤᠮᠫᠠᠨᠢ ᠶᠢᠨ ᠬᠠᠤᠯᠢ>ᠳ᠋ᠡᠬᠢ ᠠᠰᠠᠭᠤᠳᠠᠯ ᠤᠳ ᠲᠤ ᠵᠤᠷᠢᠭᠤᠯᠤᠬᠰᠠᠨ ᠲᠤᠭᠳᠠᠭᠠᠯ (ᠳᠦᠷᠪᠡ)》 ᠢ᠋ ᠬᠡᠷᠡᠭᠵᠢᠬᠦᠯᠵᠤ ᠡᠬᠢᠯᠡᠯ᠎ᠡ᠂ ᠲᠤᠰ ᠬᠠᠤᠯᠢ  ᠨᠢ ᠰᠢᠢᠳᠪᠤᠷᠢ ᠢᠢᠨ ᠦᠢᠯᠡᠳᠦᠯ ᠂ ᠰᠲ᠋ᠤᠺ ᠡᠵᠡᠮᠰᠢᠭᠴᠢ ᠶᠢᠨ ᠪᠠᠶᠢᠳᠠᠯ ᠢ ᠤᠶᠢᠯᠭᠠᠬᠤ ᠡᠷᠭᠡ᠂ ᠬᠤᠨᠵᠢᠶ᠎ᠠ ᠤᠷᠤᠯᠭ᠎ᠠ ᠶᠢᠨ ᠨᠤᠭᠳᠠᠯ ᠤᠨ ᠡᠷᠭᠡ᠂ ᠳᠠᠪᠠᠭᠤ ᠡᠷᠭᠡ ᠪᠤᠯᠤᠨ ᠰᠲ᠋ᠤᠺ ᠡᠵᠡᠮᠰᠢᠭᠴᠢᠳ  ᠤᠨ ᠲᠦᠯᠦᠭᠡᠯᠡᠭᠴᠢ ᠶᠢᠨ ᠵᠠᠷᠭᠤᠯᠳᠤᠬᠤ ᠡᠷᠬᠡ ᠵᠡᠷᠭᠡ ᠲᠠᠪᠤᠨ ᠲᠠᠯ᠎ᠠ ᠶᠢᠨ ᠠᠰᠠᠭᠤᠳᠠᠯ ᠳᠤ ᠬᠤᠯᠪᠤᠭᠳᠠᠨ᠎ᠠ᠃

ᠪᠡᠭᠡᠵᠢᠩ᠄ 5 ᠵᠦᠢᠯ ᠤᠨ ᠪᠠᠶᠢᠳᠠᠯ ᠳᠤ ᠨᠡᠶᠢᠲᠠ ᠶᠢᠨ ᠬᠤᠷᠠᠮᠳᠤᠯᠠᠯ ᠤᠨ ᠮᠦᠩᠬᠦ ᠪᠡᠨ ᠭᠠᠷᠭᠠᠨ ᠠᠪᠬᠤ ᠳᠤ ᠪᠡᠶ᠎ᠠ ᠶᠢᠨ ᠦᠨᠡᠮᠯᠡᠬᠦ ᠲᠡᠢ ᠪᠤᠯ ᠪᠤᠯᠴᠢᠬᠠᠨ᠎ᠠ

    9 ᠰᠠᠷ᠎ᠠ ᠶᠢᠨ 1 ᠤ ᠡᠳᠦᠷ ᠡᠴᠡ ᠡᠬᠢᠯᠡᠨ ᠪᠡᠬᠡᠵᠢᠩ ᠤᠨ ᠤᠷᠤᠨ ᠰᠠᠭᠤᠴᠠ ᠶᠢᠨ ᠨᠡᠶᠢᠲᠠ ᠶᠢᠨ ᠬᠤᠷᠠᠮᠳᠤᠯᠠᠯ ᠤᠨ ᠮᠦᠩᠬᠦ ᠶᠢᠨ ᠬᠠᠮᠢᠶᠠᠷᠤᠯᠲᠠ ᠶᠢᠨ ᠲᠦᠪ ᠨᠡᠶᠢᠲᠠ ᠶᠢᠨ ᠬᠤᠷᠠᠮᠳᠤᠯᠠᠯ ᠤᠨ ᠮᠦᠩᠬᠦ ᠶᠢᠨ ᠲᠤᠰᠢᠶᠠᠵᠤ ᠬᠠᠳᠠᠭᠠᠯᠠᠬᠤ ᠪᠠ ᠭᠠᠷᠭᠠᠨ ᠵᠠᠷᠤᠬᠤ ᠳᠤ ᠰᠢᠨ᠎ᠠ ᠠᠷᠭ᠎ᠠ ᠬᠡᠮᠵᠢᠶ᠎ᠠ ᠠᠪᠴᠠᠢ᠃ ᠭᠠᠷᠭᠠᠨ ᠠᠪᠬᠤ ᠶᠠᠪᠤᠴᠠ ᠪᠠ ᠬᠡᠷᠡᠭᠰᠡᠬᠦ ᠮᠠᠲ᠋ᠧᠷᠢᠶᠠᠯ  ᠳᠦᠭᠦᠮᠴᠢᠯᠡᠭᠳᠡᠭᠰᠡᠡ ᠡᠴᠡ ᠢᠷᠭᠡᠳ ᠵᠦᠪᠬᠡᠨ ᠪᠡᠶ᠎ᠠ ᠶᠢᠨ ᠦᠨᠡᠮᠯᠡᠬᠦ ᠪᠡᠷ ᠨᠡᠶᠢᠲᠠ ᠶᠢᠨ ᠬᠤᠷᠠᠮᠳᠤᠯᠠᠯ ᠤᠨ ᠮᠦᠩᠬᠦ ᠪᠡᠨ ᠭᠠᠷᠭᠠᠨ ᠠᠪᠴᠦ ᠪᠤᠯᠬᠤ ᠪᠤᠯᠵᠠᠢ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121586620