蒙古文网站Logo
ᠰᠢᠨᠬᠤᠸᠠ ᠮᠤᠩᠭ᠋ᠤᠯ ᠨᠧᠲ

ᠵᠠᠭ ᠤᠨ ᠤᠢ ᠶᠢᠨ ᠳᠦᠯᠦᠬᠡ ᠡᠵᠡᠬᠦᠢ ᠡᠯᠡᠰᠦ ᠲᠠᠢ ᠳᠤᠷᠠᠳᠠᠶ᠎ᠠ ᠳᠡᠮᠡᠴᠡᠨ᠎ᠡ - ᠡᠯᠡᠰᠦ ᠵᠠᠰᠠᠭᠰᠠᠨ《ᠳᠡᠨᠡᠭ ᠡᠪᠦᠬᠡᠨ》ᠳᠦᠪᠪᠠᠳᠤ ᠶᠢᠨ ᠦᠢᠯᠡ ᠠᠵᠢᠯᠯᠠᠭ᠎ᠠ ᠶᠢ ᠳᠡᠮᠳᠡᠭᠯᠡᠪᠡ

2017-09-04 11:31

    ᠰᠢᠨᠬᠤᠧᠠ ᠬᠤᠷᠢᠶ᠎ᠠ   ᠬᠦᠬᠡᠬᠤᠳᠠ ᠶᠢᠨ 8 ᠰᠠᠷ᠎ᠠ ᠶᠢᠨ 30 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠯᠢ ᠷᠧᠨ ᠬᠤ᠂ ᠶᠢᠨ ᠶᠤᠤ᠂ ᠢᠤᠢ ᠵᠢᠶᠠ) 8 ᠰᠠᠷ᠎ᠠ ᠶᠢᠨ ᠬᠠᠯᠠᠭᠤᠨ ᠨᠠᠷᠠᠨ ᠪᠠᠳᠠᠢ ᠶᠢᠨ ᠵᠢᠷᠠᠨ ᠤ ᠡᠯᠡᠰᠦ ᠶᠢ ᠨᠤᠴᠤᠳᠠᠯ᠎ᠠ ᠰᠢᠷᠠᠬᠤ ᠳᠤ ᠪᠤᠭᠤᠨᠢᠬᠠᠨ ᠪᠡᠶ᠎ᠡ ᠲᠠᠢ ᠨᠢᠬᠡᠨ ᠡᠪᠦᠬᠡᠨ ᠮᠠᠩᠨᠠᠢ ᠶᠢᠨ ᠬᠦᠯᠦᠰᠦ ᠪᠡᠨ ᠠᠷᠴᠢᠭᠰᠠᠭᠠᠷ ᠪᠠᠶᠢᠨ ᠪᠠᠶᠢᠨ ᠪᠦᠬᠦᠶᠢᠵᠤ ᠬᠦᠯ ᠳᠤᠤᠷᠠᠬᠢ ᠵᠠᠭ ᠤᠨ ᠴᠢᠬᠢ ᠪᠡᠨ ᠤᠰᠤᠯᠠᠨ᠎ᠠ᠃ ᠤᠰᠤ ᠦᠵᠡᠭᠰᠡᠨ ᠵᠠᠭ ᠤᠨ ᠮᠤᠳᠤᠨ ᠤ ᠨᠠᠶᠢᠯᠵᠠᠭᠤᠷ ᠴᠢᠬᠢ ᠪᠠᠶᠠᠷᠯᠠᠨ ᠳᠤᠭᠳᠤᠯᠵᠤ ᠬᠡᠬᠡᠯᠵᠡᠬᠦ ᠮᠡᠳᠦ᠂ ᠨᠠᠰᠤᠳᠠᠨ ᠪᠠᠷᠰᠠᠶᠢᠭᠰᠠᠨ ᠭᠠᠷ ᠢᠶᠡᠷ ᠢᠶᠡᠨ ᠳᠡᠬᠦᠨ ᠢ ᠢᠯᠪᠢᠵᠤ ᠮᠠᠩᠨᠠᠢ ᠳᠡᠨᠡᠶᠢᠨ᠎ᠡ᠃

    ᠠᠷᠪᠠᠭᠠᠳ ᠮᠧᠲ᠋ᠷ ᠤᠨ ᠴᠠᠭᠠᠨ᠎ᠠ᠂ ᠬᠦᠪᠡᠬᠡ ᠬᠢᠵᠠᠭᠠᠷ ᠦᠬᠡᠢ ᠡᠯᠡᠰᠦ ᠮᠠᠩᠬ᠎ᠠ ᠦᠷᠬᠦᠯᠵᠢᠯᠡᠵᠤ᠂ ᠬᠦᠯ ᠳᠤᠤᠷ᠎ᠠ 1000 ᠭᠠᠷᠤᠢ ᠮᠦ ᠵᠠᠭ ᠤᠨ ᠤᠢ ᠬᠠᠯᠢᠭᠤᠷᠠᠨ᠎ᠠ᠃ ᠵᠢᠯ ᠤᠨ 365 ᠡᠳᠦᠷ ᠡᠴᠡ ᠳᠦᠪᠪᠠᠳᠤ 300 ᠡᠳᠦᠷ ᠢ ᠨᠢ ᠡᠨᠡ ᠤᠢ ᠳᠤ ᠦᠩᠬᠡᠷᠡᠬᠡᠵᠤ ᠢᠷᠡᠵᠡᠢ᠃ 15 ᠵᠢᠯ ᠤᠨ ᠳᠤᠷᠰᠢ ᠳᠡᠷᠡᠪᠡᠷ ᠬᠡᠷᠬᠡᠢ ᠪᠡᠨ ᠳᠠᠭᠠᠭᠤᠯᠤᠨ 5 ᠳᠦᠮᠡᠨ ᠰᠢᠷᠬᠡᠭ ᠵᠠᠭ ᠤᠨ ᠴᠢᠬᠢ ᠶᠢ ᠡᠨᠡᠬᠦ ᠡᠵᠡᠬᠦᠢ ᠡᠯᠡᠰᠦᠨ ᠳᠤ ᠰᠠᠭᠤᠯᠭᠠᠭᠰᠠᠨ ᠪᠠᠶᠢᠨ᠎ᠠ᠃

    ᠨᠤᠳᠤᠭ ᠪᠤᠴᠠᠵᠤ ᠤᠶᠢᠵᠢᠭᠤᠯᠤᠯᠳᠠ ᠬᠢᠭᠰᠡᠨ ᠰᠠᠨᠠᠭᠠᠨ ᠡᠴᠡ ᠭᠠᠳᠠᠭᠤᠷ ᠠᠵᠢᠯᠯᠠᠭ᠎ᠠ

    2002 ᠤᠨ ᠤ 7 ᠰᠠᠷ᠎ᠠ ᠳᠤ᠂ ᠦᠪᠦᠷ ᠮᠤᠩᠭᠤᠯ ᠤᠨ ᠡᠵᠡᠨ᠎ᠡ ᠬᠤᠰᠢᠭᠤᠨ ᠤ ᠭᠤᠷᠤᠨᠠᠢ ᠰᠤᠮᠤ ᠶᠢᠨ ᠠᠷᠠᠳ ᠤᠨ ᠳᠦᠯᠦᠬᠡᠯᠡᠭᠴᠢᠳ ᠤᠨ ᠶᠡᠬᠡ ᠬᠤᠷᠠᠯ ᠤᠨ ᠪᠠᠶᠢᠨᠭᠭᠤ  ᠶᠢᠨ ᠬᠤᠷᠢᠶᠠᠨ ᠤ ᠡᠷᠬᠢᠯᠡᠭᠴᠢ ᠶᠢᠨ ᠠᠵᠢᠯ ᠡᠴᠡ ᠳᠠᠷᠬᠠᠯᠠᠭᠳᠠᠭᠰᠠᠨ ᠳᠦᠪᠪᠠᠳᠤ ᠳᠤ ᠭᠤᠷᠪᠠᠨ ᠰᠤᠩᠭᠤᠯᠳᠠ ᠨᠢᠭᠤᠷᠯᠠᠵᠠᠢ᠄ ᠨᠢᠬᠡ ᠨᠢ ᠮᠠᠶᠢᠮᠠᠢ ᠬᠢᠨ᠎ᠠ᠂ ᠬᠤᠨᠢᠨ ᠤ ᠨᠤᠤᠰᠤ᠂ ᠢᠮᠠᠭᠠᠨ ᠤ ᠨᠤᠤᠯᠤᠷ ᠤᠨ ᠠᠷᠠᠯᠵᠢᠶ᠎ᠠ ᠬᠢᠨ᠎ᠡ᠂ ᠡᠬᠦᠨ ᠢ ᠵᠠᠯᠠᠭᠤ ᠳ᠋ᠠᠭᠠᠨ ᠬᠢᠵᠤ ᠪᠠᠶᠢᠭᠰᠠᠨ ᠪᠤᠯᠬᠤᠷ ᠳᠠᠰᠤᠯ ᠠᠵᠢᠯ; ᠨᠦᠬᠦᠬᠡ ᠨᠢ ᠬᠡᠯᠡᠮᠡᠷᠴᠢ ᠶᠢᠨ ᠠᠵᠢᠯ ᠬᠢᠨ᠎ᠡ᠂ ᠭᠠᠨᠰᠤ ᠶᠢᠨ ᠪᠠᠭᠰᠥ ᠶᠢᠨ ᠶᠡᠬᠡ ᠰᠤᠷᠭᠠᠭᠤᠯᠢ ᠡᠴᠡ ᠳᠡᠬᠦᠰᠦᠭᠰᠡᠨ ᠳᠦᠪᠪᠠᠳᠤ ᠮᠤᠩᠭᠤᠯ ᠤᠯᠤᠰ ᠤᠨ ᠦᠰᠦᠭ ᠪᠢᠴᠢᠭ᠌ ᠲᠤ ᠴᠠᠭᠠᠷᠠᠭᠰᠠᠨ ᠪᠤᠯᠬᠤᠷ ᠨᠢᠬᠡ ᠺᠤᠮᠫᠠᠨᠢ ᠳᠡᠬᠦᠨ ᠢ ᠡᠯᠰᠡᠵᠤ ᠰᠠᠷ᠎ᠠ ᠶᠢᠨ ᠳᠦᠮᠡᠨ ᠳᠦᠬᠦᠷᠢᠭ ᠤᠨ ᠴᠠᠯᠢᠩ ᠦᠭᠬᠦ ᠪᠡᠷ ᠪᠤᠯᠵᠤᠭᠰᠠᠨ ᠪᠠᠶᠢᠪᠠ; ᠪᠠᠰᠠ ᠨᠢᠬᠡ ᠨᠢ ᠠᠮᠤᠷ ᠵᠢᠮᠤᠷ ᠰᠠᠭᠤᠨ᠎ᠠ᠂ ᠬᠤᠶᠠᠷ ᠨᠠᠰᠤᠳᠠᠨ ᠤ ᠰᠠᠷ᠎ᠠ ᠶᠢᠨ ᠴᠠᠯᠢᠩ ᠨᠡᠶᠢᠯᠡᠬᠡᠳ ᠳᠦᠮᠡᠨ ᠳᠦᠬᠦᠷᠢᠭ ᠬᠦᠷᠴᠤ᠂ ᠨᠢᠬᠡᠨᠳᠡ ᠠᠵᠢᠯ ᠤᠨ ᠪᠠᠶᠢᠷᠢᠨ ᠳᠤ ᠭᠠᠷᠤᠭᠰᠠᠨ 3 ᠬᠡᠤᠬᠡᠳ ᠢᠶᠡᠨ ᠳᠠᠭᠠᠨ ᠬᠤᠰᠢᠭᠤᠨ ᠲᠦᠪ ᠲᠤ ᠰᠠᠭᠤᠳᠠᠭ᠃ ᠬᠡᠪᠡᠴᠤ ᠳᠦᠪᠪᠠᠳᠤ ᠬᠦᠮᠦᠨ ᠤ ᠰᠠᠨᠠᠭᠠᠨ ᠡᠴᠡ ᠭᠠᠳᠠᠭᠤᠷ ᠰᠢᠶ᠋ᠳᠪᠦᠷᠢ ᠭᠠᠷᠭᠠᠵᠠᠢ᠄ ᠭᠤᠷᠠᠨᠠᠢ ᠭᠠᠴᠠᠭᠠᠨ ᠳᠠᠭᠠᠨ ᠬᠠᠷᠢᠵᠤ ᠮᠤᠳᠤ ᠳᠠᠷᠢᠨ ᠬᠠᠷ᠎ᠠ ᠪᠠᠭ᠎ᠠ ᠡᠴᠡ ᠪᠡᠨ ᠦᠯᠢᠶᠡᠯᠬᠡᠵᠤ ᠬᠠᠰᠢᠷᠠᠭᠰᠠᠨ ᠡᠯᠡᠰᠦᠨ ᠰᠢᠭᠤᠷᠭ᠎ᠠ ᠲᠠᠢ ᠠᠰᠯᠠᠨ ᠳᠡᠮᠡᠴᠡᠬᠦ ᠪᠡᠷ ᠪᠤᠯᠪᠠ᠃ ᠬᠦᠮᠦᠰ ᠡᠬᠦᠨ ᠢ ᠨᠢ ᠤᠶᠢᠯᠠᠭᠠᠬᠤ ᠦᠬᠡᠢ᠂ ᠲᠠ ᠴᠤᠬᠤᠮ ᠶᠠᠭᠤᠨ ᠤ ᠳᠦᠯᠦᠬᠡ ᠢᠩᠬᠢᠨ᠎ᠡ ᠬᠡᠵᠢ ? ᠬᠡᠬᠦ ᠪᠡᠷ ᠨᠢ ᠳᠡᠷᠡ ᠪᠢ ᠳᠤᠷᠠᠳᠠᠶ᠎ᠠ ᠰᠠᠯᠬᠢ ᠬᠠᠯᠬᠠᠯᠠᠭᠰᠠᠨ ᠵᠠᠭ ᠪᠤᠯᠬᠤ ᠡᠴᠡ ᠪᠢᠰᠢ ᠰᠠᠶᠢᠨ ᠢ ᠢᠳᠡᠬᠡᠳ ᠬᠡᠪᠳᠡᠳᠡᠭ ᠬᠤᠯᠤᠭᠠᠨ᠎ᠠ ᠪᠤᠯᠬᠤ ᠦᠬᠡᠢ᠂ ᠵᠠᠬ ᠦᠬᠢᠷᠡᠴᠢᠬᠡᠯ᠎ᠡ ᠬᠡᠳ ᠭᠠᠵᠠᠷ ᠳᠡᠬᠡᠷ᠎ᠡ ᠪᠠᠶᠢᠪᠠᠯ ᠰᠠᠯᠬᠢᠨ ᠤ ᠨᠦᠮᠦᠷᠢ ᠰᠢᠤ ᠳ᠋ᠡ ᠬᠡᠵᠡᠢ᠃

    ᠭᠠᠴᠠᠭᠠᠨ ᠤ ᠡᠯᠡᠰᠦ ᠬᠦᠪᠡᠬᠡ ᠬᠢᠵᠠᠭᠠᠷ ᠦᠬᠡᠢ᠂ ᠮᠠᠯᠴᠢᠳ ᠬᠡᠨ ᠨᠢ ᠴᠤ ᠡᠨᠡ ᠭᠠᠵᠠᠷ ᠢ ᠠᠪᠬᠤ ᠳᠤᠷ᠎ᠠ ᠦᠬᠡᠢ᠃ ᠳᠤᠬᠠᠢ ᠶᠢᠨ ᠵᠢᠯ ᠤᠨ 8 ᠰᠠᠷ᠎ᠠ ᠳᠤ ᠳᠦᠪᠪᠠᠳᠤ ᠭᠠᠴᠠᠭᠠᠨ ᠤ ᠵᠦᠪᠯᠡᠯ ᠳᠤ ᠭᠤᠶᠤᠴᠢᠯᠠᠨ ᠳᠦᠬᠦᠮᠬᠡᠨ ᠬᠡᠷ᠎ᠡ ᠬᠢᠬᠡᠳ ᠬᠤᠶᠠᠭᠤᠯᠠ ᠶᠢᠨ ᠢᠶᠡᠨ ᠪᠠᠩᠬᠢ ᠳᠤ ᠬᠠᠳᠠᠭᠠᠯᠠᠵᠤ ᠪᠠᠶᠢᠭᠰᠠᠨ 5 ᠳᠦᠮᠡᠨ ᠳᠦᠬᠦᠷᠢᠭ ᠤᠨ ᠪᠦᠬᠦ ᠬᠠᠳᠠᠭᠠᠯᠠᠮᠵᠢ ᠪᠡᠨ ᠭᠠᠷᠭᠠᠨ ᠠᠪᠴᠤ 40 ᠪᠠᠭᠯᠠᠭ᠎ᠠ ᠳᠡᠮᠦᠷ ᠳᠤᠤᠷ ᠬᠤᠳᠠᠯᠳᠤᠨ ᠠᠪᠤᠭᠠᠳ 10 ᠺᠢᠯᠤᠮᠧᠲ᠋ᠷ ᠤᠨ ᠬᠦᠷᠢᠶ᠎ᠡ ᠳᠠᠳᠠᠨ 2000 ᠭᠠᠷᠤᠢ ᠮᠦ ᠡᠯᠡᠰᠦ ᠶᠢ ᠬᠦᠷᠢᠶᠡᠯᠡᠨ ᠢᠷᠡᠬᠦ ᠬᠠᠪᠤᠷ ᠨᠢ ᠵᠠᠭ ᠳᠠᠷᠢᠬᠤ ᠪᠡᠷ ᠪᠡᠯᠡᠳᠬᠡᠵᠡᠢ᠃

    2003 ᠤᠨ ᠤ 3 ᠰᠠᠷ᠎ᠠ ᠶᠢᠨ ᠨᠠᠯᠠᠭᠠᠷ ᠰᠠᠶᠢᠬᠠᠨ ᠨᠢᠬᠡᠨ ᠡᠳᠦᠷ᠂ ᠳᠦᠪᠪᠠᠳᠤ ᠬᠦᠷᠵᠡ ᠡᠷᠬᠢᠬᠦᠯᠦᠨ ᠳᠠᠭᠳᠠᠷᠰᠢᠭᠰᠠᠨ ᠭᠠᠵᠠᠷ ᠢ ᠤᠬᠤᠵᠤ ᠤᠰᠤ ᠳᠦᠬᠦᠷᠬᠡᠵᠤ ᠳᠠᠯᠪᠢᠵᠠᠢ᠃ ᠨᠢᠬᠡ ᠴᠠᠭ ᠤᠨ ᠬᠢᠨᠢ ᠳᠠᠷᠠᠭ᠎ᠠ ᠤᠰᠤ ᠠᠭᠠᠵᠢᠮ ᠢᠶᠡᠷ ᠰᠢᠷᠬᠢᠭᠰᠡᠨ ᠳᠤ ᠳᠦᠪᠪᠠᠳᠤ ᠬᠦᠶᠦᠵᠤ ᠬᠠᠷᠢᠭᠠᠳ ᠵᠠᠭ ᠤᠨ ᠴᠢᠬᠢ ᠳᠡᠪᠡᠷᠢᠵᠤ ᠠᠪᠴᠢᠷᠠᠨ ᠨᠢᠬᠡ ᠨᠢᠬᠡ ᠪᠡᠷ ᠰᠠᠭᠤᠯᠭᠠᠵᠠᠢ᠃ ᠨᠠᠶᠢᠯᠵᠠᠭᠤᠷ ᠴᠢᠬᠢ ᠬᠦᠢᠳᠡᠨ ᠰᠠᠯᠬᠢᠨ ᠳᠤ ᠮᠦᠷ ᠮᠦᠷ ᠢᠶᠡᠷ ᠵᠢᠭᠳᠡᠷᠡᠨ ᠳᠦᠪᠪᠠᠳᠤ ᠳᠤ ᠶᠡᠷᠦ ᠪᠤᠰᠤ ᠶᠢᠨ ᠪᠠᠶᠠᠷ ᠪᠠᠬᠠᠳᠤᠯ ᠤᠷᠬᠢᠯᠤᠭᠤᠯᠤᠨ᠎ᠠ᠃ ᠳᠡᠷᠡ ᠡᠬᠦᠨ ᠢ ᠪᠡᠨ ᠬᠠᠷᠠᠭᠠᠳ᠂ ᠨᠢᠬᠡ ᠵᠠᠭ ᠰᠠᠭᠤᠯᠭᠠᠬᠤ ᠳᠤ ᠯᠡ ᠡᠵᠡᠬᠦᠢ ᠡᠯᠡᠰᠦ ᠠᠮᠢ ᠲᠠᠢ ᠪᠤᠯᠤᠭᠰᠠᠨ ᠋ᠳ᠋ᠠ ᠬᠡᠵᠡᠢ᠃

    ᠪᠠᠭ᠎ᠠ ᠰᠤᠷᠭᠠᠭᠤᠯᠢ ᠶᠢᠨ ᠪᠠᠭᠰᠢ ᠶᠢᠨ ᠠᠯᠪᠠ ᠲᠠᠢ ᠪᠠᠶᠢᠭᠰᠠᠨ ᠢᠶᠡᠨ ᠨᠢᠬᠡᠨᠳᠡ ᠳᠡᠳᠬᠦᠪᠦᠷᠢ ᠳᠤ ᠭᠠᠷᠤᠭᠰᠠᠨ ᠬᠡᠷᠬᠡᠢ ᠳᠤᠰᠤᠨᠴᠠᠭᠠᠨ ᠨᠢ ᠳᠡᠬᠦᠨ ᠤ ᠨᠢᠬᠡ ᠶᠢ ᠵᠦᠭᠯᠡᠴᠢᠬᠡᠪᠡᠯ ᠶᠢᠰᠦᠨ ᠦᠬᠡᠷ ᠢᠶᠡᠷ ᠳᠠᠳᠠᠭᠠᠳ ᠴᠤ ᠳᠡᠶᠢᠯᠬᠦ ᠦᠬᠡᠢ ᠬᠡᠳᠡᠭ ᠢ ᠮᠡᠳᠡᠳᠡᠭ ᠪᠠᠶᠢᠯ᠎ᠠ᠃ ᠳᠡᠷᠡ ᠨᠢᠬᠡ ᠳᠠᠯ᠎ᠠ ᠪᠡᠷ ᠨᠦᠬᠦᠷ ᠲᠤ ᠪᠡᠨ ᠳᠤᠰᠠᠯᠠᠨ ᠮᠤᠳᠤ ᠳᠠᠷᠢᠵᠤ᠂ ᠨᠦᠬᠦᠬᠡ ᠳᠠᠯ᠎ᠠ ᠪᠡᠷ ᠬᠤᠨᠢ ᠮᠠᠯᠵᠢᠵᠤ ᠤᠷᠤᠯᠭ᠎ᠠ ᠪᠡᠨ ᠨᠡᠮᠡᠭᠳᠡᠬᠦᠯᠦᠨ᠎ᠡ᠃ ᠡᠪᠦᠯ ᠬᠠᠪᠤᠷ ᠤᠨ ᠰᠠᠯᠬᠢ ᠰᠢᠭᠤᠷᠭ᠎ᠠ᠂ ᠵᠤᠨ ᠨᠠᠮᠤᠷ ᠤᠨ ᠠᠭᠠᠬᠢᠮ᠎ᠠ ᠬᠠᠯᠠᠭᠤᠨ ᠳᠤ ᠨᠦᠬᠦᠷ ᠨᠢ ᠮᠤᠳᠤ ᠳᠠᠷᠢᠵᠤ᠂ ᠬᠡᠷᠬᠡᠢ ᠨᠢ ᠬᠤᠨᠢ ᠬᠠᠷᠢᠭᠤᠯᠤᠨ᠎ᠠ᠂ ᠬᠡᠷᠬᠡᠢ ᠨᠢ ᠤᠰᠤ ᠳᠠᠮᠨᠠᠵᠤ᠂ ᠨᠦᠬᠦᠷ ᠨᠢ ᠴᠢᠬᠢ ᠰᠠᠭᠤᠯᠭᠠᠬᠤ ᠦᠵᠡᠭᠳᠡᠯ ᠡᠨᠡ ᠡᠯᠡᠰᠦᠨ ᠳᠤ ᠦᠷᠬᠦᠯᠵᠢᠯᠡᠭᠰᠡᠬᠡᠷ᠃

    ᠬᠤᠶᠠᠷ ᠨᠠᠰᠤᠳᠠᠨ ᠬᠡᠳᠦᠶᠢᠪᠡᠷ ᠳᠡᠳᠬᠦᠪᠦᠷᠢ ᠳᠤ ᠭᠠᠷᠤᠭᠰᠠᠨ ᠤ ᠳᠦᠮᠡ ᠭᠠᠷᠤᠢ ᠳᠦᠬᠦᠷᠢᠭ ᠤᠨ ᠴᠠᠯᠢᠩ ᠠᠪᠳᠠᠭ ᠴᠤ ᠮᠠᠰᠢ ᠠᠷᠪᠢᠯᠠᠵᠤ ᠮᠢᠬ᠎ᠠ ᠨᠤᠭᠤᠭ᠎ᠠ ᠠᠪᠬᠤ ᠪᠡᠨ ᠴᠦᠬᠡᠴᠢᠯᠡᠨ᠂ ᠨᠢᠬᠡ ᠵᠠᠬ᠎ᠠ ᠬᠤᠪᠴᠠᠰᠤ ᠶᠢ ᠬᠡᠳᠦᠨ ᠵᠢᠯ ᠢᠶᠡᠷ ᠳᠡᠷᠡᠴᠢᠯᠡᠨ ᠠᠷᠪᠠᠭᠠᠳ ᠵᠢᠯ ᠢᠶᠡᠷ ᠡᠮᠦᠰᠴᠠᠢ᠃《ᠡᠳᠡᠬᠡᠷ ᠵᠢᠯ ᠤᠳ ᠲᠤ ᠨᠢᠬᠡᠨᠳᠡ 80 ᠭᠠᠷᠤᠢ ᠳᠦᠮᠡᠨ ᠳᠦᠬᠦᠷᠢᠭ ᠤᠷᠤᠭᠤᠯᠴᠢᠬᠠᠯ᠎ᠠ᠂ ᠪᠦᠷ ᠡᠨᠡ ᠴᠢᠬᠢ ᠰᠠᠭᠤᠯᠭᠠᠬᠤ᠂ ᠳᠤᠤᠷ ᠳᠠᠳᠠᠬᠤ᠂ ᠤᠰᠤ ᠳᠡᠬᠡᠬᠡᠬᠦ ᠳᠡᠷᠬᠡ᠂ ᠮᠠᠰᠢᠨ ᠤ ᠳᠤᠰᠤ ᠬᠤᠳᠠᠯᠳᠤᠨ ᠠᠪᠬᠤ ᠳᠡᠬᠡᠷ᠎ᠡ ᠵᠠᠷᠤᠴᠠᠭᠤᠯᠴᠢᠬᠠᠯ᠎ᠠ᠂ ᠦᠬᠡᠷ᠎ᠡ ᠪᠡᠷ ᠬᠡᠯᠡᠪᠡᠯ ᠮᠠᠨ ᠤ ᠵᠤᠭᠤᠰ ᠪᠦᠷ ᠡᠨᠡ ᠡᠯᠡᠰᠦᠨ ᠳᠤ ᠪᠤᠢ》 ᠬᠡᠵᠤ ᠳᠦᠪᠪᠠᠳᠤ ᠢᠨᠢᠶᠡᠨ ᠶᠠᠷᠢᠯ᠎ᠠ᠃

    ᠵᠠᠭ ᠤᠨ ᠴᠢᠨᠠᠷ ᠳᠠᠭᠠᠭᠰᠠᠨ ᠴᠦᠬᠦᠷᠡᠰᠢ ᠦᠬᠡᠢ ᠪᠠᠷᠢᠮᠳᠠᠯᠠᠯ

    ᠳᠦᠪ ᠬᠡᠳᠡᠭ ᠨᠢ ᠳᠦᠪ ᠴᠢᠬᠡᠴᠢ ᠶᠢᠨ ᠳᠦᠪ᠂ ᠪᠠᠳᠤ ᠬᠡᠳᠡᠭ ᠨᠢ ᠪᠠᠳᠤ ᠪᠡᠬᠢ ᠬᠡᠬᠦ ᠤᠳᠬ᠎ᠠ ᠲᠠᠢ᠃ ᠨᠡᠷ᠎ᠡ ᠨᠢᠳᠡᠷ ᠲᠡᠬᠡᠨ ᠳᠡᠩᠴᠡᠭᠰᠡᠨ ᠳᠦᠪᠪᠠᠳᠤ ᠶᠡᠬᠡ ᠡᠯᠡᠰᠦᠨ ᠳᠤ 15 ᠵᠢᠯ ᠵᠠᠭ ᠳᠠᠷᠢᠵᠠᠢ᠃ ᠠᠩᠬ᠎ᠠ ᠡᠬᠢᠯᠡᠬᠡᠳ ᠶᠠᠮᠠᠷ ᠮᠤᠳᠤ  ᠰᠤᠩᠭᠤᠨ᠎ᠠ ᠬᠡᠳᠡᠭ ᠨᠢ ᠬᠡᠴᠡᠬᠦᠦ ᠠᠰᠠᠭᠤᠳᠠᠯ ᠪᠤᠯᠵᠤ ᠪᠠᠶᠢᠯ᠎ᠠ᠃ ᠡᠯᠡᠰᠦᠨ ᠭᠠᠳᠠᠷᠭᠤ ᠳᠠᠪᠬᠤᠷᠯᠠᠨ ᠬᠤᠵᠢᠷᠳᠠᠵᠤ ᠶᠠᠭ ᠯᠡ ᠳᠠᠪᠤᠰᠤ ᠰᠠᠴᠤᠭᠰᠠᠨ ᠰᠢᠬ᠂ ᠬᠠᠶᠠ ᠭᠠᠭᠴᠠ ᠪᠠᠭᠤᠳᠠᠭ ᠬᠤᠷ᠎ᠠ ᠳᠤᠨᠳᠠᠰᠤᠨ ᠤ ᠬᠡᠮᠵᠢᠶ᠎ᠡ ᠳᠦᠴᠢ ᠳᠠᠪᠢᠨ ᠮᠢᠯᠯᠢᠮᠧᠲ᠋ᠷ ᠯᠡ ᠬᠦᠷᠳᠡᠭ᠂ ᠬᠡᠪᠡᠴᠤ ᠠᠭᠤᠷᠰᠢᠯᠳᠠ ᠨᠢ ᠬᠠᠷᠢᠨ ᠳᠠᠪᠤ ᠵᠢᠷᠭᠤᠭᠠᠨ ᠮᠢᠩᠭᠠᠨ ᠮᠢᠯᠯᠢᠮᠧᠲ᠋ᠷ ᠬᠦᠷᠦᠨ᠎ᠡ᠃ ᠳᠦᠪᠪᠠᠳᠤ ᠰᠤᠮᠤᠨ ᠳᠤ ᠠᠵᠢᠯᠯᠠᠵᠤ ᠪᠠᠶᠢᠬᠤ ᠳ᠋ᠠᠭᠠᠨ ᠤᠯᠠᠨ ᠵᠦᠢᠯ ᠤᠨ ᠮᠤᠳᠤᠨ ᠤ ᠴᠢᠬᠢ ᠪᠠ ᠳᠠᠷᠢᠵᠤ ᠰᠠᠭᠤᠯᠭᠠᠬᠤ ᠠᠷᠭ᠎ᠠ ᠶᠢ ᠳᠤᠷᠰᠢᠵᠤ ᠦᠵᠡᠬᠡᠳ ᠵᠠᠭ᠂ ᠮᠠᠩᠬᠠᠨ ᠴᠢᠪᠠᠭ᠎ᠠ᠂ ᠰᠢᠷᠠᠯᠵᠢ ᠵᠡᠷᠬᠡ ᠨᠢ ᠠᠮᠠᠷᠬᠠᠨ ᠡᠳᠡᠬᠡᠷᠡᠳᠡᠭ ᠢ ᠮᠡᠳᠡᠭᠰᠡᠨ ᠪᠠᠶᠢᠪᠠ᠃ ᠡᠶᠢᠮᠤ ᠡᠴᠡ ᠳᠡᠷᠡ《ᠭᠠᠩ ᠳᠤ ᠳᠠᠭᠠᠭᠠᠴᠠᠳᠠᠢ᠂ ᠠᠮᠠᠷ ᠬᠤᠷᠤᠬᠠᠶᠢᠳᠠᠬᠤ ᠦᠬᠡᠢ᠂ ᠡᠰᠢ ᠨᠢ ᠬᠤᠷᠤᠬᠠᠶᠢᠳᠠᠴᠢᠬᠠᠯ᠎ᠠ ᠬᠡᠳ ᠨᠠᠪᠴᠢ ᠨᠢ ᠵᠢᠭᠠᠬᠠᠨ ᠵᠠᠯᠭᠠᠯᠳᠤᠵᠤ ᠪᠠᠶᠢᠭᠰᠠᠨ ᠴᠠᠭ ᠲᠤ ᠳᠠᠬᠢᠭᠠᠳ ᠠᠮᠢᠯᠠᠴᠢᠬᠠᠳᠠᠭ》 ᠬᠡᠮᠡᠨ ᠵᠠᠭ ᠮᠤᠳᠤ ᠰᠤᠩᠭᠤᠵᠤ ᠳᠠᠷᠢᠵᠠᠢ᠃

    ᠬᠠᠪᠤᠷ ᠰᠠᠯᠬᠢ ᠶᠡᠬᠡ ᠪᠤᠯᠬᠤᠷ ᠳᠦᠪᠪᠠᠳᠤ ᠵᠠᠬ ᠤᠨ ᠴᠢᠬᠢ ᠶᠢ ᠤᠰᠤᠨ ᠳᠤ ᠳᠡᠪᠳᠦᠬᠡᠵᠤ ᠳᠠᠯᠪᠢᠭᠠᠳ ᠰᠠᠯᠬᠢ ᠨᠠᠮᠬᠠᠷᠠᠭᠰᠠᠨ ᠬᠤᠶᠢᠨ᠎ᠠ ᠴᠠᠭ ᠢ ᠠᠮᠵᠢᠨ ᠰᠠᠭᠤᠯᠭᠠᠳᠠᠭ᠃ ᠡᠶᠢᠮᠤ ᠡᠴᠡ ᠦᠷᠬᠦᠯᠵᠢ ᠶᠠᠳᠠᠷᠠᠭᠠᠳ ᠠᠰᠬᠠᠨ ᠵᠤᠭᠰᠤᠵᠤ ᠴᠢᠳᠠᠬᠤ ᠦᠬᠡᠢ ᠪᠤᠯᠪᠠᠯ ᠰᠠᠭᠤᠵᠤ ᠵᠢᠭᠠᠬᠠᠨ ᠠᠮᠠᠷᠠᠴᠢᠬᠠᠭᠠᠳ ᠦᠷᠬᠦᠯᠵᠢᠯᠡᠨ ᠬᠢᠳᠡᠭ ᠪᠠᠶᠢᠯ᠎ᠠ᠃ ᠵᠤᠨ ᠴᠠᠭ ᠵᠠᠭ ᠤᠨ ᠴᠢᠬᠢ ᠶᠢ ᠰᠠᠶᠢᠨ ᠤᠰᠤᠯᠠᠬᠤ ᠬᠡᠷᠡᠭᠳᠡᠢ᠂ ᠡᠯᠡᠰᠦᠨ ᠳ᠋ᠡᠬᠢ ᠠᠭᠠᠷ ᠤᠨ ᠳᠤᠯᠠᠭᠠᠨ ᠳᠠᠪᠢ ᠵᠢᠷᠠᠨ ᠭᠷᠠᠳᠦ᠋ᠰ ᠬᠦᠷᠴᠤ᠂ ᠳᠦᠬᠦᠬᠡᠢ ᠦᠨᠳᠡᠬᠡ ᠶᠢ ᠪᠤᠯᠠᠭᠠᠳ ᠪᠤᠯᠴᠢᠬᠠᠳᠠᠭ ᠳᠡᠶᠢᠮᠤ ᠬᠠᠯᠠᠭᠤᠨ᠃ ᠳᠡᠷᠡ ᠠᠯᠴᠢᠭᠤᠷ ᠢᠶᠡᠷ ᠳᠤᠯᠤᠭᠠᠢ ᠪᠡᠨ ᠤᠷᠢᠶᠠᠵᠤ᠂ ᠳᠠᠰᠤᠷᠠᠯᠳᠠ ᠦᠬᠡᠢ ᠤᠰᠤ ᠵᠦᠬᠡᠬᠡᠨ ᠤᠰᠤᠯᠠᠨ᠎ᠠ᠃ ᠵᠠᠷᠢᠮ ᠳ᠋ᠠᠭᠠᠨ ᠰᠢᠳᠠᠭᠠᠮ᠎ᠠ ᠨᠠᠷᠠᠨ ᠳᠤ ᠬᠤᠪᠴᠠᠰᠤᠨ ᠡᠴᠡ ᠨᠢ ᠬᠡᠤᠷᠰᠢᠭᠰᠡᠨ ᠦᠨᠦᠷ ᠭᠠᠷᠳᠠᠭ ᠪᠠᠶᠢᠯ᠎ᠠ᠃ ᠵᠠᠷᠢᠮ ᠬᠦᠮᠦᠨ ᠵᠠᠬ ᠳᠠᠷᠢᠴᠢᠬᠠᠭᠠᠳ ᠵᠢᠯ ᠳᠤ ᠭᠠᠭᠴᠠ ᠤᠳᠠᠭ᠎ᠠ ᠤᠰᠤᠯᠠᠨ᠎ᠠ᠃ ᠳᠦᠪᠪᠠᠳᠤ ᠬᠠᠷᠢᠨ ᠭᠤᠷᠪᠠ ᠤᠳᠠᠭ᠎ᠠ ᠤᠰᠤᠯᠠᠳᠠᠭ᠂ ᠳᠡᠬᠡᠬᠦ ᠳ᠋ᠡᠬᠡᠨ ᠤᠳᠠᠭ᠎ᠠ ᠪᠦᠷᠢ ᠨᠢᠬᠡ ᠴᠢᠬᠢ ᠳᠤ 8 ᠺᠢᠯᠤᠭ᠍ᠷᠠᠮ ᠤᠰᠤ ᠬᠢᠳᠡᠭ᠃ ᠨᠢᠬᠡ ᠰᠦᠯᠢᠶᠤᠤ ᠰᠠᠪᠠ ᠨᠢ 4 ᠺᠢᠯᠤᠭ᠍ᠷᠠᠮ ᠤᠨ ᠪᠠᠭᠳᠠᠭᠠᠮᠵᠢᠳᠠᠢ ᠳᠤᠯᠠ ᠡᠳᠦᠷ ᠲᠤ 30-50 ᠰᠠᠪᠠ ᠤᠰᠤ ᠵᠦᠬᠡᠬᠡᠳᠡᠭ ᠪᠠᠶᠢᠪᠠ᠂ ᠢᠩᠬᠢᠭᠰᠡᠬᠡᠷ ᠴᠢᠬᠢ ᠮᠤᠳᠤᠨ ᠤ ᠡᠳᠡᠬᠡᠷᠡᠯᠳᠡ 90% ᠳ᠋ᠤ ᠬᠦᠷᠴᠠᠢ᠃

    ᠪᠦᠳᠦᠨ 3 ᠵᠢᠯ ᠳᠦᠪᠪᠠᠳᠤ ᠤᠰᠤ ᠳᠠᠮᠨᠠᠵᠤ ᠵᠠᠬ ᠢᠶᠡᠨ ᠤᠰᠤᠯᠠᠪᠠ᠃ ᠨᠠᠰᠤ ᠠᠬᠢᠬᠤ ᠶᠢ ᠳᠠᠭᠠᠯᠳᠤᠨ ᠳᠠᠮᠨᠠᠵᠤ ᠳᠡᠶᠢᠯᠬᠦ ᠦᠬᠡᠢ ᠪᠤᠯᠵᠤ ᠨᠢᠬᠡ ᠮᠤᠲ᠋ᠤᠷ ᠬᠤᠳᠠᠯᠳᠤᠨ ᠠᠪᠤᠭᠠᠳ ᠨᠢᠬᠡ ᠤᠳᠠᠭ᠎ᠠ ᠳᠤ 8 ᠰᠠᠪᠠ  ᠤᠰᠤ ᠵᠦᠬᠡᠬᠡᠵᠤ ᠳᠡᠶᠢᠯᠳᠡᠭ ᠪᠤᠯᠵᠠᠢ᠃ ᠬᠤᠵᠢᠮ ᠨᠢ ᠡᠯᠵᠢᠬᠡ ᠪᠡᠷ ᠤᠰᠤ ᠵᠦᠬᠡᠬᠡᠳᠡᠭ ᠪᠤᠯᠵᠤ ᠨᠢᠬᠡ ᠤᠳᠠᠭ᠎ᠠ ᠳᠤ 3 ᠡᠯᠵᠢᠬᠡ ᠬᠦᠳᠦᠯᠦᠨ ᠨᠢᠬᠡ ᠡᠯᠵᠢᠬᠡᠨ ᠳᠡᠬᠡᠷ᠎ᠡ 10 ᠰᠠᠪᠠ ᠲᠠᠢ ᠤᠰᠤ ᠠᠴᠢᠵᠤ ᠵᠦᠬᠡᠬᠡᠳ ᠪᠠᠰᠠ 3 ᠵᠢᠯ ᠢ ᠦᠩᠬᠡᠷᠡᠬᠡᠪᠡ᠃《ᠡᠯᠵᠢᠬᠡ ᠶᠢ ᠪᠠᠰᠠ ᠡᠪᠡᠰᠦᠯᠡᠨ᠎ᠡ᠂ ᠤᠰᠤᠯᠠᠨ᠎ᠠ ᠶᠠᠷᠰᠢᠭ ᠲᠠᠢ᠃》ᠢᠩᠬᠢᠬᠡᠳ ᠳᠡᠷᠡ ᠬᠦᠷᠬᠡᠨ ᠢᠶᠡᠷ ᠢᠶᠡᠨ ᠮᠤᠲ᠋ᠤᠷ ᠢᠶᠡᠨ ᠳᠤᠰᠬᠠᠢ ᠡᠯᠡᠰᠦᠨ ᠳᠤ ᠵᠤᠷᠢᠭᠤᠯᠤᠯᠳᠠ ᠲᠠᠢ ᠵᠢᠵᠢᠭ᠌ ᠮᠠᠰᠢᠨ ᠪᠤᠯᠭᠠᠨ ᠦᠬᠡᠷᠡᠴᠢᠯᠡᠬᠦᠯᠵᠤ᠂ ᠨᠢᠬᠡᠯᠡ ᠤᠳᠠᠭ᠎ᠠ ᠳᠤ 48 ᠰᠠᠪᠠ ᠲᠠᠢ ᠤᠰᠤ ᠵᠦᠬᠡᠬᠡᠳᠡᠭ ᠪᠤᠯᠪᠠ᠃ ᠡᠶᠢᠨᠬᠦ ᠳᠦᠪᠪᠠᠳᠤ ᠨᠠᠷᠠ ᠰᠠᠯᠬᠢ ᠶᠢ ᠤᠯᠠᠨ ᠵᠢᠯ ᠢᠶᠡᠷ ᠡᠯᠡᠬᠡᠭᠰᠡᠨ ᠪᠤᠯᠪᠠᠴᠤ ᠮᠠᠰᠢᠨ ᠨᠢ ᠬᠠᠷᠢᠨ ᠬᠠᠯᠠ ᠳᠠᠭᠠᠭᠠᠭᠰᠠᠨ ᠦᠬᠡᠢ᠂ 10 ᠵᠢᠯ ᠳᠤ 6 ᠮᠤᠲ᠋ᠤᠷ᠂ ᠨᠢᠬᠡ ᠡᠯᠡᠰᠦᠨ ᠤ ᠮᠠᠰᠢᠨ ᠰᠤᠯᠢᠭᠰᠠᠨ ᠬᠡᠳᠡᠭ᠃

    ᠦᠷᠬᠡᠨ ᠠᠭᠤᠳᠠᠮ᠂ ᠡᠯᠦᠢ ᠬᠤᠯᠤᠢ ᠡᠯᠡᠰᠦᠨ ᠳᠤ ᠪᠤᠳᠠ ᠪᠤᠳᠠ ᠨᠤᠭᠤᠭᠠᠨ ᠤᠷᠭᠤᠮᠠᠯ ᠡᠷᠴᠢ ᠠᠪᠤᠨ ᠠᠮᠢᠯᠠᠭᠰᠠᠭᠠᠷ ᠬᠡᠰᠡᠭ ᠬᠡᠰᠡᠭ ᠢᠶᠡᠷ ᠳᠡᠯᠡᠵᠤ ᠡᠬᠡ ᠭᠠᠵᠠᠷ ᠢ ᠪᠤᠳᠤᠭᠯᠠᠨ᠎ᠠ᠃ ᠳᠦᠪᠪᠠᠳᠤ ᠶᠢᠨ ᠴᠢᠷᠠᠢ ᠤᠯᠠᠮ ᠢᠶᠡᠷ ᠰᠢᠳᠠᠭᠳᠠᠨ ᠤᠯᠠᠶᠢᠵᠤ ᠶᠠᠭ ᠯᠡ ᠰᠢᠷ ᠳᠦᠷᠬᠢᠭᠰᠡᠨ ᠮᠡᠳᠦ᠂ ᠬᠤᠶᠠᠷ ᠭᠠᠷ ᠨᠢ ᠬᠠᠳᠠᠵᠤ ᠦᠬᠢᠷᠡᠭᠰᠡᠨ ᠮᠤᠳᠤᠨ ᠤ ᠰᠠᠯᠠᠭ᠎ᠠ ᠰᠢᠬ ᠪᠤᠯᠵᠤ᠂ ᠬᠦᠬᠡ ᠦᠩᠬᠡ ᠶᠢᠨ ᠵᠦᠩᠱᠠᠨ ᠬᠤᠪᠴᠠᠰᠤ ᠨᠢ ᠦᠩᠬᠡ ᠪᠡᠨ ᠠᠯᠳᠠᠨ ᠦᠨᠡᠰᠦᠨ ᠰᠠᠭᠠᠷᠠᠯ ᠪᠤᠯᠵᠠᠢ᠃

    ᠵᠠᠬ ᠡᠯᠡᠰᠦᠨ ᠤ ᠰᠤᠩᠭᠤᠯᠳᠠ ᠪᠠᠶᠢᠭᠰᠠᠨ ᠤᠤ᠂ ᠡᠰᠡᠪᠡᠯ ᠡᠯᠡᠰᠦ ᠵᠠᠬ ᠤᠨ ᠰᠤᠩᠭᠤᠯᠳᠠ ᠪᠠᠶᠢᠭᠰᠠᠨ ᠤᠤ᠂ ᠶᠠᠭᠤ ᠴᠤ ᠬᠡᠰᠡᠨ ᠵᠠᠬ ᠨᠢ ᠪᠠᠳᠠᠢ ᠶᠢᠨ ᠵᠢᠷᠠᠨ ᠡᠯᠡᠰᠦᠨ ᠤ ᠭᠠᠩ ᠳᠤ ᠬᠠᠮᠤᠭ ᠤᠨ ᠳᠡᠰᠪᠦᠷᠢᠳᠡᠢ ᠤᠷᠭᠤᠮᠠᠯ᠂ ᠶᠡᠬᠡ ᠡᠯᠡᠰᠦᠨ ᠤ ᠠᠮᠢᠨ ᠰᠠᠬᠢᠶ᠎ᠠ ᠪᠤᠯᠵᠠᠢ᠃ ᠰᠠᠭᠠᠷᠠᠯ ᠡᠰᠢ᠂ ᠨᠤᠭᠤᠭᠠᠨ ᠨᠠᠪᠴᠢ ᠳᠦᠪᠪᠠᠳᠤ ᠶᠢᠨ ᠬᠠᠷᠠᠭᠠᠨ ᠳᠤ ᠳᠤᠷᠤᠯᠵᠠᠵᠤ᠂ ᠵᠡᠬᠦᠳᠦᠨ ᠳᠤ ᠨᠢ ᠤᠶᠠᠭᠳᠠᠵᠠᠢ᠃ ᠵᠠᠬ ᠤᠨ ᠳᠤᠮᠳᠠᠭᠤᠷ ᠠᠯᠬᠤᠯᠠᠬᠤ ᠳᠤ ᠬᠦᠷᠳᠡᠯ᠎ᠡ ᠬᠤᠶᠠᠷ ᠨᠢᠳᠦᠨ ᠡᠴᠡ ᠨᠢ ᠳᠦᠯᠬᠡᠬᠡᠨ ᠬᠠᠨᠤᠮᠵᠢᠳᠠᠢ ᠬᠡᠷᠡᠯ ᠤᠶᠢᠨ᠎ᠠ᠃ ᠡᠨᠡ ᠦᠶ᠎ᠡ ᠳᠤ᠂ ᠳᠡᠷᠡ ᠶᠠᠭ ᠯᠠ ᠨᠡᠬᠦᠳᠡᠯ ᠵᠠᠬ ᠰᠢᠬ ᠬᠠᠳᠠᠭᠤ᠂ ᠳᠡᠪᠴᠢᠶᠡᠷᠳᠡᠢ᠂ ᠨᠤᠭᠤᠷᠠᠰᠢ ᠦᠬᠡᠢ ᠠᠯᠢᠪᠠ ᠪᠡᠨ ᠵᠤᠷᠢᠭᠤᠯᠤᠨ᠎ᠠ᠃

    ᠵᠡᠬᠦᠳᠦᠨ ᠳᠤ ᠤᠶᠠᠭᠠᠳᠠᠢ ᠵᠠᠬ ᠨᠢ ᠦᠨᠢ ᠡᠬᠦᠷᠢᠳᠡ ᠶᠢᠨ ᠰᠠᠬᠢᠶᠠᠰᠤ

    2009 ᠤᠨ ᠳᠤ᠂ ᠳᠦᠪᠪᠠᠳᠤ ᠶᠢᠨ ᠳᠦᠷᠦᠬᠦᠦ ᠪᠤᠯᠴᠢᠷᠬᠠᠢ ᠵᠤᠵᠠᠭᠠᠷᠠᠬᠰᠠᠨ ᠪᠠ ᠰᠦᠰᠦᠨ ᠤ ᠴᠢᠯᠠᠭᠤᠵᠢᠮᠠᠯ ᠤᠨ ᠠᠷᠬᠠᠭ ᠨᠢ ᠬᠦᠨᠳᠦᠷᠡᠵᠡᠢ᠃ ᠬᠡᠤᠬᠡᠳ ᠤᠳ ᠨᠢ ᠳᠡᠬᠦᠨ ᠢ 280 ᠺᠢᠯᠤᠮᠧᠲ᠋ᠷ ᠤᠨ ᠠᠯᠤᠰ ᠲᠡᠬᠢ ᠡᠮᠨᠡᠯᠬᠡ ᠳᠤ ᠬᠦᠷᠬᠡᠨ᠂ ᠬᠡᠷᠬᠡᠢ ᠨᠢ ᠬᠡᠷ ᠲᠡᠬᠡᠨ ᠦᠯᠡᠳᠡᠬᠡᠳ ᠬᠤᠨᠢ ᠪᠡᠨ ᠬᠠᠷᠢᠭᠤᠯᠵᠤ᠂ ᠵᠠᠬ ᠢᠶᠡᠨ ᠰᠠᠬᠢᠪᠠ᠃ ᠳᠦᠪᠪᠠᠳᠤ ᠡᠮᠨᠡᠯᠬᠡ ᠳᠤ ᠬᠡᠪᠳᠡᠬᠦ ᠴᠠᠭ ᠢᠶᠡᠨ ᠬᠡᠮᠨᠡᠬᠦ ᠬᠡᠵᠤ ᠬᠤᠶᠠᠷ ᠬᠠᠭᠠᠯᠭ᠎ᠠ ᠶᠢ ᠵᠡᠷᠬᠡᠳᠡ ᠬᠢᠯᠬᠡᠵᠡᠢ᠃ ᠬᠠᠷᠢᠨ ᠬᠠᠭᠠᠯᠭ᠎ᠠ ᠬᠢᠭᠰᠡᠨ ᠤ ᠳᠠᠷᠠᠭ᠎ᠠ ᠪᠦᠬᠦ ᠪᠡᠶ᠎ᠡ ᠨᠢ ᠳᠠᠮᠢᠷ ᠠᠯᠳᠠᠷᠠᠵᠤ᠂ ᠡᠪᠡᠳᠴᠢᠨ ᠤ ᠪᠠᠶᠢᠳᠠᠯ ᠨᠢ ᠬᠦᠨᠳᠦᠷᠡᠬᠦ ᠶᠠᠩᠵᠤ ᠲᠠᠢ ᠪᠤᠯᠬᠤᠯᠠᠷ ᠡᠮᠴᠢ ᠳᠡᠬᠦᠨ ᠢ ᠡᠷᠬᠡᠪᠰᠢ ᠰᠠᠶᠢᠨ ᠰᠤᠪᠢᠯᠠᠬᠤ ᠬᠡᠷᠡᠭᠳᠡᠢ᠂ ᠠᠵᠢᠯ ᠬᠦᠳᠡᠯᠮᠦᠷᠢ ᠳᠤ ᠶᠠᠭᠠᠬᠢᠭᠰᠠᠨ ᠴᠤ ᠤᠷᠤᠯᠴᠠᠵᠤ ᠪᠤᠯᠬᠤ ᠦᠬᠡᠢ ᠬᠡᠵᠡᠢ᠃ ᠳᠡᠷᠡᠬᠦ 3 ᠰᠠᠷ᠎ᠠ ᠳᠦᠪᠪᠠᠳᠤ ᠶᠢᠨ ᠬᠤᠪᠢ ᠳᠤ ᠬᠠᠮᠤᠭ ᠡᠴᠡ ᠳᠡᠰᠪᠦᠷᠢᠯᠡᠬᠦ ᠳᠤ ᠬᠡᠴᠡᠬᠦᠦ ᠡᠳᠦᠷ ᠬᠤᠨᠤᠭ ᠤᠳ ᠪᠠᠶᠢᠯ᠎ᠠ᠃ ᠳᠡᠷᠡ ᠡᠳᠦᠷᠵᠢᠨ ᠵᠠᠬ ᠢᠶᠡᠨ ᠪᠤᠳᠤᠵᠤ᠂ ᠠᠬᠢᠨ ᠳᠠᠬᠢᠨ ᠳᠤᠷᠠᠰᠤᠨ ᠶᠠᠷᠢᠵᠤ᠂ ᠰᠦᠨᠢᠵᠢᠨ ᠵᠡᠬᠦᠳᠦᠯᠡᠵᠤ ᠨᠢᠬᠡ ᠡᠳᠦᠷ ᠤᠯᠵᠤ ᠬᠠᠷᠠᠬᠤ ᠦᠬᠡᠢ ᠪᠤᠯ ᠬᠠᠯᠠᠭᠤᠨ ᠳᠤᠭᠤᠭᠠᠨ ᠳᠤ ᠤᠷᠤᠭᠰᠠᠨ ᠰᠢᠷᠭᠤᠯᠵᠢ ᠰᠢᠬ ᠵᠤᠪᠠᠭᠤᠷᠢᠯᠠᠳᠠᠭ ᠪᠠᠶᠢᠯ᠎ᠠ᠃ ᠡᠶᠢᠨᠬᠦ ᠡᠪᠡᠳᠴᠢᠨ ᠤ ᠪᠠᠶᠢᠳᠠᠯ ᠨᠢ ᠵᠢᠭᠠᠬᠠᠨ ᠢᠯᠡᠷᠡᠰᠢᠮᠡᠬᠴᠡ ᠬᠦᠦ ᠶᠢᠨ ᠢᠶᠡᠨ ᠦᠬᠡ ᠶᠢ ᠠᠪᠤᠯ ᠦᠬᠡᠢ ᠭᠠᠴᠠᠭᠠᠨ ᠳ᠋ᠠᠭᠠᠨ ᠪᠤᠴᠠᠵᠤ ᠵᠠᠬ ᠤᠨ ᠤᠢ ᠳᠤ ᠰᠢᠷᠭᠤᠵᠠᠢ᠃

    2012 ᠤᠨ ᠤ ᠰᠡᠬᠦᠯᠴᠢ ᠪᠡᠷ ᠬᠢ ᠨᠢᠬᠡᠨ ᠡᠳᠤᠷ᠂ ᠬᠡᠷᠬᠡᠢ ᠲᠤᠰᠤᠨᠴᠠᠭᠠᠨ ᠤ ᠬᠢᠨᠢ ᠲᠠᠷᠢᠬᠢᠨ ᠳᠤ ᠬᠡᠨᠡᠳᠳᠡ ᠴᠢᠰᠤ ᠬᠠᠷᠪᠤᠵᠤ ᠤᠨᠠᠪᠠ᠃ ᠬᠡᠦᠬᠡᠳ ᠨᠢ ᠲᠡᠬᠦᠨ ᠢ ᠠᠪᠴᠤ 600 ᠭᠠᠷᠤᠢ ᠺᠢᠯᠤᠮᠧᠲ᠋ᠷ ᠠᠶᠠᠯᠠᠨ ᠬᠤᠶᠠᠷ ᠳᠠᠬᠢᠨ ᠡᠮᠨᠡᠯᠬᠡ ᠰᠤᠯᠢᠭᠠᠳ ᠰᠠᠶ᠊ᠢ ᠡᠪᠡᠳᠴᠢᠨ ᠤ ᠪᠠᠶᠢᠳᠠᠯ ᠨᠢ ᠨᠢᠬᠡᠮᠦᠰᠦᠨ ᠬᠦᠨᠳᠦᠷᠡᠭᠰᠡᠨ ᠡᠵᠢ  ᠪᠡᠨ ᠦᠬᠦᠯ ᠤᠨ ᠳᠠᠪᠠᠭᠠᠨ ᠡᠴᠡ ᠠᠪᠤᠷᠠᠵᠤ ᠠᠪᠴᠢᠷᠠᠵᠠᠢ᠃ ᠲᠤᠰᠤᠨᠴᠠᠭᠠᠨ ᠰᠡᠷᠬᠦᠭᠰᠡᠨ ᠤ ᠲᠠᠷᠠᠭ᠎ᠠ᠂ ᠬᠡᠦᠬᠡᠳ ᠤᠳ ᠨᠢ ᠰᠠᠶ᠊ᠢ ᠠᠪᠤ ᠶᠢ ᠪᠠᠨ ᠡᠮᠨᠡᠯᠬᠡ ᠳᠤ ᠢᠷᠡᠬᠦᠯᠪᠡ᠃ ᠲᠦᠪᠪᠠᠳᠤ ᠨᠢᠬᠡ ᠲᠠᠯ᠎ᠠ ᠪᠡᠷ ᠤᠢ ᠪᠠᠨ ᠬᠠᠮᠠᠭᠠᠯᠠᠵᠤ᠂ ᠨᠦᠬᠦᠬᠡ ᠲᠠᠯ᠎ᠠ ᠪᠡᠷ ᠬᠡᠷᠬᠡᠢ ᠶᠢᠨ ᠢᠶᠡᠨ ᠡᠷᠡᠬᠦᠯ ᠮᠡᠨᠳᠦ ᠳᠤ ᠰᠠᠨᠠᠭᠠᠰᠢᠷᠠᠵᠤ ᠪᠠᠶᠢᠭᠰᠠᠨ ᠢᠶᠡᠨ ᠡᠷᠡᠬᠦᠯᠵᠢᠭᠰᠡᠨ ᠢ ᠨᠢ ᠬᠠᠷᠠᠭᠠᠳ ᠰᠡᠳᠬᠢᠯ ᠠᠮᠤᠷᠴᠠᠢ᠃

    ᠠᠷᠤ ᠬᠡᠷ ᠲᠤ ᠨᠢ ᠲᠦᠯ ᠲᠤᠰᠬᠤ ᠠᠵᠢᠯ᠂ ᠵᠠᠬ ᠤᠰᠤᠯᠠᠬᠤ ᠠᠵᠢᠯ ᠵᠡᠷᠬᠡ ᠪᠡᠷ ᠳᠡᠬᠦᠨ ᠢ ᠬᠦᠯᠢᠶᠡᠨ᠎ᠠ᠃ ᠡᠮᠨᠡᠯᠬᠡ ᠳᠤ ᠬᠡᠷᠬᠡᠢ ᠪᠡᠨ ᠬᠤᠶᠠᠷ ᠡᠳᠤᠷ ᠰᠤᠪᠢᠯᠠᠭᠰᠠᠨ ᠲᠡᠷᠡ ᠵᠠᠬ ᠤᠨ ᠤᠢ ᠳᠤ ᠪᠠᠨ ᠶᠠᠭᠠᠷᠠᠤᠬᠠᠨ ᠪᠤᠴᠠᠪᠠ᠃ ᠡᠮᠨᠡᠯᠬᠡ ᠡᠴᠡ ᠭᠠᠷᠤᠭᠰᠠᠨ ᠤ ᠲᠠᠷᠠᠭ᠎ᠠ ᠲᠤᠰᠤᠨᠴᠠᠭᠠᠨ ᠢ ᠬᠡᠤᠬᠡᠳ ᠤᠳ ᠨᠢ ᠬᠤᠰᠢᠭᠤᠨ ᠳᠦᠪ ᠲᠡᠬᠢ ᠬᠡᠷ ᠲᠡᠬᠡᠨ ᠠᠪᠠᠴᠢᠵᠤ ᠰᠤᠪᠢᠯᠠᠭᠰᠠᠨ ᠢᠶᠡᠷ ᠪᠡᠶ᠎ᠡ ᠨᠢ ᠠᠭᠠᠵᠢᠮ ᠢᠶᠡᠷ ᠲᠡᠩᠬᠡᠷᠡᠪᠡ᠃ ᠲᠤᠰᠤᠨᠴᠠᠭᠠᠨ ᠲᠦᠪᠪᠡᠳᠤ ᠪᠤᠯᠤᠨ ᠬᠡᠷ ᠤᠨ ᠢᠶᠡᠨ ᠵᠠᠭ᠂ ᠬᠤᠷᠠᠭ᠎ᠠ ᠢᠰᠢᠬᠡ ᠪᠠᠨ ᠪᠤᠳᠤᠭᠠᠳ ᠰᠡᠳᠬᠢᠯ ᠠᠮᠤᠷ ᠰᠠᠭᠤᠵᠤ ᠴᠢᠳᠠᠬᠤ ᠦᠭᠡᠢ᠂ ᠦᠬᠢᠨ ᠤ ᠳᠤ ᠪᠡᠨ ᠬᠠᠭᠠᠰ ᠵᠢᠯ ᠰᠠᠭᠤᠭᠠᠳ ᠮᠦᠨ ᠦᠬᠡ ᠰᠤᠨᠤᠰᠤᠯ ᠦᠬᠡᠢ ᠭᠠᠴᠠᠭᠠᠨ ᠳ᠋ᠠᠭᠠᠨ ᠪᠤᠴᠠᠪᠠ᠃ ᠵᠠᠭ ᠤᠨ ᠤᠢ ᠳᠤ ᠬᠤᠶᠠᠷ ᠨᠠᠰᠤᠳᠠᠨ ᠤ ᠠᠷᠤ ᠶᠢᠨ ᠪᠠᠷ᠎ᠠ ᠲᠠᠬᠢᠨᠳᠠ ᠲᠤᠳᠤᠷᠠᠯ᠎ᠠ᠃

    ᠬᠡᠷᠬᠡᠢ ᠨᠢ ᠡᠮᠨᠡᠯᠬᠡ ᠳᠤ 15 ᠲᠦᠮᠡᠨ ᠲᠦᠭᠦᠷᠢᠭ᠌᠌ ᠵᠠᠷᠤᠴᠠᠭᠤᠯᠤᠭᠰᠠᠨ ᠪᠤᠯᠬᠤᠷ 2013 ᠤᠨ ᠤ ᠬᠠᠪᠤᠷ ᠮᠤᠳᠤ ᠲᠠᠷᠢᠬᠤ ᠦᠶ᠎ᠡ ᠪᠡᠷ ᠭᠠᠷ ᠲᠤ ᠨᠢ ᠮᠦᠩᠬᠦ ᠦᠬᠡᠢ ᠪᠤᠯᠪᠠ᠃ 《ᠬᠡᠪᠡᠴᠤ ᠵᠠᠪᠠᠯ ᠮᠤᠳᠤ ᠳᠠᠷᠢᠬᠤ ᠬᠡᠷᠡᠭᠲᠡᠢ᠂》ᠲᠦᠪᠪᠠᠳᠤ ᠠᠴᠢ ᠬᠦᠦ ᠡᠴᠡ ᠪᠠᠨ 4 ᠲᠦᠮᠡᠨ ᠲᠦᠭᠦᠷᠢᠭ᠌᠌ ᠵᠢᠬᠡᠯᠡᠨ ᠮᠤᠳᠤᠨ ᠤ ᠴᠢᠬᠢ ᠪᠤᠯᠤᠨ ᠮᠠᠰᠢᠨ ᠤ ᠲᠤᠰᠤ ᠬᠤᠳᠠᠯᠳᠤᠵᠤ ᠠᠪᠴᠠᠢ᠃

    2014 ᠤᠨ ᠳᠤ᠂ ᠬᠡᠷᠬᠡᠢ ᠨᠢ ᠠᠭᠠᠵᠢᠭᠤ ᠠᠯᠬᠤᠵᠤ ᠲᠡᠶᠢᠯᠬᠦ ᠪᠤᠯᠤᠭᠰᠠᠨ ᠡᠴᠡ ᠲᠦᠪᠪᠠᠳᠤ ᠶᠢ ᠲᠠᠭᠠᠵᠤ ᠮᠤᠳᠤ ᠲᠠᠷᠢᠬᠤ ᠪᠡᠷ ᠤᠴᠢᠬᠤ ᠪᠤᠯᠪᠠ᠃ ᠬᠤᠶᠠᠷ ᠨᠠᠰᠤᠳᠠᠨ ᠤᠷᠭᠤᠬᠤ ᠨᠠᠷᠠ ᠶᠢ ᠤᠭᠳᠤᠨ ᠡᠷᠳᠡᠯᠡᠵᠤ᠂ ᠤᠨᠠᠬᠤ ᠨᠠᠷᠠ ᠲᠠᠢ ᠤᠷᠤᠯᠳᠤᠨ ᠪᠤᠴᠠᠳᠠᠭ᠃ ᠬᠡᠳᠤᠨ ᠵᠠᠭᠤᠨ ᠭᠠᠵᠠᠷ ᠤᠨ ᠡᠵᠡᠬᠦᠢ ᠡᠯᠡᠰᠦᠨ ᠴᠦᠯ ᠳᠤ ᠴᠢ ᠨᠢᠬᠡ ᠶᠠᠷᠢᠨ ᠪᠢ ᠨᠢᠬᠡ ᠦᠬᠦᠯᠡᠵᠤ ᠬᠠᠷᠢᠯᠴᠠᠨ ᠲᠦᠰᠢᠵᠤ ᠲᠠᠶᠢᠳᠬᠤᠷᠠᠭᠤᠯᠳᠠᠭ᠃ 《ᠲᠡᠬᠦᠨ ᠢ ᠲᠠᠬᠢᠨ ᠪᠤᠰᠴᠤ ᠵᠤᠭᠰᠤᠨ ᠨᠠᠳᠠ  ᠳᠤ ᠬᠠᠮᠵᠢᠵᠤ ᠮᠤᠳᠤ ᠲᠠᠷᠢᠵᠤ ᠴᠢᠳᠠᠨ᠎ᠠ ᠬᠡᠵᠤ ᠰᠠᠨᠠᠭᠠᠨ ᠳᠤ ᠦᠭᠡᠢ》 ᠬᠡᠵᠤ ᠬᠡᠯᠡᠬᠦ ᠳᠤ ᠪᠠᠨ ᠲᠦᠪᠪᠠᠳᠤ ᠶᠢᠨ ᠨᠢᠯᠪᠤᠰᠤ ᠦᠪᠡᠷ ᠤᠨ ᠡᠷᠬᠡ ᠦᠭᠡᠢ ᠪᠦᠮᠪᠦᠢᠷᠢᠨ᠎ᠠ᠃ ᠳᠡᠷᠡ ᠪᠠᠰᠠ《ᠠᠮᠢᠳᠤᠷᠠᠯ ᠳᠤ ᠪᠡᠨ ᠪᠢᠳᠡ ᠵᠠᠪᠠᠯ ᠤᠷᠤᠭᠰᠢᠯᠠᠬᠤ ᠬᠡᠷᠡᠭᠲᠡᠢ᠂ ᠤᠬᠤᠷᠢᠵᠤ ᠪᠤᠯᠬᠤ ᠦᠭᠡᠢ》ᠭᠡᠵᠡᠢ᠃

    ᠵᠠᠭ ᠤᠨ ᠤᠢ ᠳᠤ᠂ ᠮᠠᠰᠢ ᠤᠶᠢᠷ᠎ᠠ ᠤᠷᠭᠤᠭᠰᠠᠨ ᠬᠤᠶᠠᠷ ᠵᠠᠭ ᠮᠤᠳᠤ ᠢᠯᠡᠬᠡᠨ ᠬᠠᠷᠠᠭᠳᠠᠨ᠎ᠠ᠂ ᠨᠢᠬᠡ ᠨᠢ ᠦᠨᠳᠦᠷ ᠪᠦᠲᠦᠭᠦᠨ᠂ ᠨᠦᠬᠦᠬᠡ ᠨᠢ ᠨᠠᠷᠢᠬᠠᠨ ᠨᠠᠬᠢᠯᠵᠠᠭᠰᠠᠨ᠂ ᠲᠦᠪᠪᠠᠳᠤ ᠡᠬᠦᠨ ᠢ《ᠠᠮᠠᠷᠠᠭ ᠮᠤᠳᠤ》 ᠬᠡᠵᠤ ᠨᠡᠷᠡᠶᠢᠳᠴᠡᠢ᠃ 《 ᠶᠠᠭ ᠯᠠ ᠬᠡᠷᠬᠡᠢ ᠪᠢᠳᠡ ᠬᠤᠶᠠᠭᠤᠯᠠ ᠰᠢᠬ ᠬᠡᠨ ᠠᠯᠢᠨ ᠡᠴᠡ ᠪᠠᠨ ᠰᠠᠯᠵᠤ ᠴᠢᠳᠠᠬᠤ ᠦᠭᠡᠢ᠂ ᠨᠡᠩ ᠴᠪ ᠡᠨᠡ ᠤᠢ ᠡᠴᠡ ᠪᠠᠨ ᠰᠠᠯᠵᠤ ᠴᠢᠳᠠᠬᠤ ᠦᠭᠡᠢ᠃ ᠪᠢᠳᠡ ᠪᠠᠶᠢᠬᠤ ᠦᠬᠡᠢ ᠪᠤᠯᠪᠠᠯ ᠡᠳᠡ ᠮᠠᠨ ᠢ ᠤᠷᠤᠯᠠᠨ ᠡᠨᠡ ᠤᠢ ᠶᠢ ᠰᠠᠬᠢᠵᠤ ᠦᠯᠡᠳᠡᠬᠦ ᠪᠤᠯᠤᠨ᠎ᠠ》 ᠬᠡᠵᠡᠢ᠃

    ᠬᠡᠳᠤᠨ ᠮᠦᠷ ᠪᠠᠶᠢᠰᠢᠩ ᠡᠯᠡᠰᠦᠨ ᠳᠤ ᠬᠦᠷᠢᠶᠡᠯᠡᠭᠳᠡᠵᠡᠢ᠂ ᠲᠦᠪᠪᠠᠳᠤ ᠬᠡᠷ ᠡᠴᠡ ᠪᠠᠨ ᠭᠠᠷᠤᠭᠠᠳ ᠬᠠᠮᠢᠭᠠᠰᠢ ᠬᠠᠷᠠᠭᠰᠠᠨ ᠴᠤ ᠡᠯᠡᠰᠦ᠂ ᠠᠯᠤᠰ ᠢ ᠪᠠᠷᠠᠯᠠᠬᠤ ᠳᠤ ᠦᠷᠬᠡᠨ ᠠᠭᠤᠳᠠᠮ ᠡᠯᠡᠰᠦᠨ ᠲᠠᠯᠠᠢ᠃ ᠡᠪᠤᠯ ᠵᠤᠨ ᠤᠷᠴᠢᠭᠰᠠᠭᠠᠷ᠂ ᠤᠳᠤ ᠡᠨᠡ ᠡᠯᠡᠰᠦᠨ ᠲᠠᠯᠠᠢ ᠬᠡᠰᠡᠭ ᠬᠡᠰᠡᠭ ᠢᠶᠡᠷ ᠨᠤᠭᠤᠭᠠᠷᠠᠨ ᠡᠬᠢᠯᠡᠵᠤ᠂ ᠨᠤᠭᠤᠭᠠᠨ ᠦᠩᠬᠡ ᠶᠢᠨ ᠬᠠᠯᠬᠠᠪᠴᠢ ᠪᠤᠰᠬᠠᠵᠤ᠂ ᠡᠯᠡᠰᠦ ᠶᠢ ᠲᠤᠰᠬᠤᠨ ᠤ ᠭᠠᠳᠠᠨ᠎ᠠ ᠬᠠᠰᠢᠭᠠᠳ ᠠᠵᠠ ᠵᠢᠷᠭᠠᠯᠳᠤ ᠬᠡᠷ ᠤᠷᠤᠨ ᠢᠶᠡᠨ ᠬᠠᠮᠠᠭᠠᠯᠠᠭᠰᠠᠨ ᠶᠤᠮ᠃

    ᠤᠢ ᠮᠤᠳᠤ ᠳᠠᠷᠢᠵᠤ ᠦᠯᠡᠳᠡᠬᠡᠬᠦ ᠪᠡᠷ ᠨᠢᠬᠡ ᠨᠠᠰᠤᠨ ᠤ ᠮᠦᠷᠦᠭᠡᠳᠤᠯ ᠢᠶᠡᠨ ᠪᠤᠯᠭᠠᠪᠠ

    ᠮᠤᠳᠤ ᠪᠤᠯ ᠲᠦᠪᠪᠠᠳᠤ ᠶᠢᠨ ᠠᠮᠢ ᠭᠤᠤᠯ᠂ ᠠᠮᠢ ᠨᠠᠰᠤ ᠲᠠᠢ ᠨᠢ ᠠᠳᠠᠯᠢ ᠡᠷᠬᠢᠮ ᠲᠡᠭᠡᠳᠤ ᠪᠠᠶᠢᠷᠢ ᠰᠠᠭᠤᠷᠢ ᠲᠠᠢ᠃ ᠲᠡᠷᠡᠪᠡᠷ᠂ 《ᠨᠢᠬᠡ ᠰᠠᠭᠤᠷᠢ ᠮᠤᠳᠤ ᠨᠢ ᠤᠰᠤ ᠲᠠᠳᠠᠬᠤ ᠨᠢᠬᠡ ᠮᠠᠰᠢᠨ᠂ ᠲᠡᠭᠷᠢ ᠲᠡᠭᠡᠷᠡᠬᠢ ᠤᠰᠤ ᠶᠢ ᠭᠠᠵᠠᠷ ᠲᠤ ᠠᠭᠤᠰᠬᠠᠨ᠎ᠠ᠂ ᠤᠷᠭᠤᠮᠠᠯ ᠤᠯᠠᠳᠠᠪᠠᠯ ᠬᠤᠷ᠎ᠠ ᠪᠤᠷᠤᠭᠠᠨ ᠴᠤ ᠲᠡᠭᠰᠢᠷᠡᠨ᠎ᠡ》 ᠭᠡᠵᠡᠢ᠃

    ᠲᠦᠪᠪᠠᠳᠤ ᠮᠤᠳᠤ ᠲᠠᠷᠢᠬᠤ ᠳ᠋ᠠᠭᠠᠨ ᠡᠶᠢᠮᠤ ᠭᠤᠷᠪᠠᠨ ᠵᠦᠢᠯ ᠢ ᠬᠦᠬᠡᠬᠡᠴᠡᠯᠳᠦᠭᠰᠡᠨ ᠪᠢᠰᠢ᠃

    ᠨᠢᠬᠡ᠂ ᠨᠡᠷ᠎ᠡ ᠠᠯᠳᠠᠷᠰᠢᠬᠤ ᠶᠢ ᠪᠤᠳᠤᠭ᠎ᠠ ᠦᠬᠡᠢ᠃ ᠲᠦᠪᠪᠠᠳᠤ ᠶᠢᠨ ᠮᠤᠳᠤ ᠲᠠᠷᠢᠭᠰᠠᠨ ᠨᠢ《ᠬᠡᠷ ᠤᠷᠤᠨ ᠢᠶᠡᠨ ᠡᠯᠡᠰᠦᠨ ᠳᠤ ᠢᠳᠡᠭᠳᠡᠬᠦᠯᠬᠦ ᠦᠭᠡᠢ ᠶᠢᠨ ᠲᠦᠯᠦᠬᠡ》᠂《ᠡᠯᠡᠰᠦᠨ ᠴᠦᠯ ᠳᠤ ᠬᠡᠰᠡᠭ ᠬᠡᠰᠡᠭ ᠤᠢ ᠮᠤᠳᠤ ᠨᠤᠭᠤᠭᠠᠷᠠᠬᠤ ᠶᠢ ᠬᠦᠰᠡᠭᠰᠡᠨ》 ᠯᠡ ᠤᠴᠢᠷ ᠪᠤᠯᠤᠨ᠎ᠠ᠃ ᠲᠡᠬᠦᠨ ᠤ ᠪᠤᠳᠤᠬᠤ ᠪᠡᠷ ᠬᠦᠮᠦᠨ ᠤ ᠦᠷᠳᠡᠭ ᠪᠤᠯ 《 ᠨᠢᠬᠡ ᠨᠠᠰᠤᠨ ᠳᠤ ᠪᠠᠨ ᠨᠢᠬᠡ ᠰᠠᠶᠢᠨ ᠠᠵᠢᠯ ᠬᠢᠨ᠎ᠡ》᠃ ᠲᠡᠷᠡᠪᠡᠷ᠂ ᠮᠤᠳᠤ ᠲᠠᠷᠢᠬᠤ ᠨᠢ ᠮᠢᠨᠤ ᠬᠤᠪᠢ ᠳᠤ ᠬᠠᠮᠤᠭ ᠤᠨ ᠠᠵᠠ ᠵᠢᠷᠭᠠᠯ ᠲᠠᠢ ᠶᠠᠪᠤᠳᠠᠯ᠂ ᠦᠩᠬᠡᠷᠡᠭᠰᠡᠨ ᠳᠤ ᠯᠠᠮᠠ ᠬᠦᠮᠦᠨ ᠰᠦᠮ᠎ᠡ ᠰᠠᠬᠢᠳᠠᠭ᠂ ᠤᠳᠤ ᠪᠢ ᠬᠤᠶᠢᠴᠢᠰ ᠲᠤ ᠪᠠᠨ ᠤᠢ ᠮᠤᠳᠤ ᠳᠠᠷᠢᠵᠤ ᠦᠯᠡᠳᠡᠬᠡᠨ᠎ᠡ》 ᠬᠡᠵᠡᠢ᠃

    ᠬᠤᠶᠠᠷ᠂ ᠠᠰᠢᠭ ᠤᠯᠬᠤ ᠶᠢ ᠪᠤᠳᠤᠭ᠎ᠠ ᠦᠬᠡᠢ᠃ ᠲᠦᠪᠪᠠᠳᠤ ᠴᠠᠭᠠᠨ ᠭᠤᠶᠤᠤ ᠲᠠᠷᠢᠬᠤ ᠮᠡᠷᠬᠡᠵᠢᠯ ᠢ ᠰᠠᠶᠢᠨ ᠮᠡᠳᠡᠳᠡᠭ᠂ ᠴᠠᠭᠠᠨ ᠭᠤᠶᠤᠤ ᠲᠠᠷᠢᠪᠠᠯ ᠵᠢᠯ ᠳᠤ ᠪᠡᠨ ᠪᠡᠶ᠎ᠡ ᠠᠮᠠᠷ 20 ᠭᠠᠷᠤᠢ ᠲᠦᠮᠡᠨ ᠲᠦᠭᠦᠷᠢᠭ᠌ ᠤᠯᠵᠤ ᠴᠢᠳᠠᠬᠤ ᠶᠢ ᠴᠤ ᠳᠡᠷᠡ ᠮᠡᠳᠡᠨ᠎ᠡ᠃ ᠬᠡᠪᠡᠴᠤ ᠲᠡᠷᠡ ᠵᠠᠬ ᠮᠤᠳᠤ ᠲᠠᠷᠢᠬᠤ  ᠰᠤᠨᠭᠭᠤᠯᠲᠠ ᠬᠢᠵᠠᠢ ᠃ ᠲᠦᠪᠪᠠᠳᠤ᠄《 ᠭᠤᠶᠤᠤ ᠲᠠᠷᠢᠪᠠᠯ ᠴᠠᠭ ᠬᠦᠴᠦ ᠪᠠᠷᠠᠨ᠎ᠠ᠂ ᠪᠠᠰᠠ ᠶᠡᠬᠡ ᠬᠡᠮᠵᠢᠶᠡᠨ ᠤ ᠡᠯᠡᠰᠦᠨ ᠳᠤ ᠵᠠᠭ ᠮᠤᠳᠤ ᠲᠠᠷᠢᠭ᠎ᠠ ᠦᠭᠡᠢ ᠪᠠᠶᠢᠨ᠎ᠠ》 ᠬᠡᠪᠡ᠃

    ᠭᠤᠷᠪᠠ᠂ ᠤᠯᠤᠰ ᠤᠨ ᠨᠦᠬᠦᠪᠦᠷᠢ ᠶᠢ ᠠᠪᠬᠤ ᠦᠭᠡᠢ᠃ 15 ᠵᠢᠯ ᠤᠨ ᠲᠤᠷᠰᠢ᠂ ᠲᠡᠷᠡ ᠶᠡᠷᠦ ᠡᠴᠡ ᠭᠠᠷ ᠰᠤᠩᠭᠠᠨ ᠤᠯᠤᠰ ᠡᠴᠡ ᠵᠤᠭᠤᠰ ᠮᠦᠩᠬᠦ᠂ ᠪᠤᠳᠠᠰ ᠪᠤᠯᠤᠨ ᠮᠤᠳᠤᠨ ᠤ ᠴᠢᠬᠢ ᠠᠪᠴᠤ ᠦᠵᠡᠬᠡ ᠦᠭᠡᠢ᠂ ᠬᠦᠴᠦ ᠪᠡᠷ ᠢᠶᠡᠨ ᠴᠢᠷᠮᠠᠶᠢᠪᠠᠯ ᠡᠯᠡᠰᠦ ᠤᠬᠤᠷᠢᠵᠤ ᠬᠦᠮᠦᠨ ᠲᠦᠷᠢᠬᠦ ᠶᠤᠮ ᠬᠡᠵᠤ ᠲᠡᠷᠡ ᠪᠠᠳᠤ ᠢᠳᠡᠭᠡᠳᠡᠭ᠃

    40 ᠵᠢᠯ ᠤᠨ ᠡᠮᠦᠨ᠎ᠠ᠂ ᠲᠦᠪᠪᠠᠳᠤ ᠰᠤᠮᠤᠨ ᠳᠤ ᠪᠡᠨ ᠴᠢᠮᠡᠬᠡᠯᠡᠭᠴᠢ ᠪᠠᠶᠢᠬᠤ ᠦᠶ᠎ᠠ ᠳᠤ ᠨᠢᠬᠡ ᠤᠳᠠᠭ᠎ᠠ ᠴᠠᠭᠠᠨ ᠭᠤᠶᠤᠤ ᠶᠢᠨ ᠴᠡᠴᠡᠭᠯᠡᠭᠰᠡᠨ ᠲᠤᠯᠤᠭᠠᠢ ᠶᠢ ᠵᠠᠬ ᠳᠡᠭᠡᠷ᠎ᠠ ᠲᠠᠯᠪᠢᠵᠤ ᠲᠡᠮᠳᠡᠭ ᠲᠠᠯᠪᠢᠬᠰᠠᠨ ᠶᠤᠮ᠂ ᠳᠠᠷᠠᠭᠠᠬᠢ ᠵᠢᠯ ᠤᠨ ᠬᠢᠨᠢ ᠬᠠᠪᠤᠷ ᠬᠠᠷᠢᠨ ᠨᠢᠬᠡ ᠴᠠᠭᠠᠨ ᠭᠤᠶᠤᠤ ᠤᠷᠭᠤᠬᠰᠠᠨ ᠪᠠᠶᠢᠨ᠎ᠠ᠂ ᠡᠨᠡᠬᠦ ᠰᠠᠨᠠᠮᠰᠠᠷ ᠦᠬᠡᠢ ᠤᠯᠤᠯᠲᠠ ᠲᠡᠬᠦᠨ ᠢ ᠮᠠᠰᠢ ᠶᠡᠬᠡ ᠪᠠᠶᠠᠷᠯᠠᠭᠤᠯᠪᠠ᠃ ᠲᠦᠪᠪᠠᠳᠤ ᠬᠡᠲᠤ ᠤᠳᠠᠭ᠎ᠠ ᠲᠤᠷᠰᠢᠬᠰᠠᠨ ᠤ ᠳᠠᠷᠠᠭ᠎ᠠ ᠴᠠᠭᠠᠨ ᠭᠤᠶᠤᠤ ᠲᠠᠷᠢᠬᠤ ᠠᠨᠢᠰᠦ ᠶᠢ ᠤᠯᠵᠤ ᠮᠡᠳᠡᠪᠡ᠂ ᠤᠷᠢᠳ ᠢᠶᠡᠷ ᠵᠠᠭ ᠲᠠᠷᠢᠵᠤ᠂ ᠵᠠᠭ ᠤᠨ ᠦᠨᠳᠤᠰᠤᠨ ᠳᠤ ᠴᠠᠭᠠᠨ ᠭᠤᠶᠤᠤ ᠶᠢᠨ ᠦᠷ᠎ᠠ ᠰᠠᠴᠤᠨ᠎ᠠ᠃ ᠢᠩᠬᠢᠪᠡᠯ ᠴᠠᠭᠠᠨ ᠭᠤᠶᠤᠤ ᠵᠠᠭ ᠤᠨ ᠦᠨᠳᠤᠰᠤᠨ ᠳᠤ ᠲᠦᠰᠢᠭᠯᠡᠨ ᠠᠮᠢᠳᠤᠷᠠᠵᠤ᠂ ᠪᠠᠭ᠎ᠠ ᠯᠡ ᠤᠰᠤᠯᠠᠭᠰᠠᠭᠠᠷ ᠮᠠᠰᠢ ᠰᠠᠶᠢᠨ ᠤᠷᠭᠤᠴᠢᠬᠠᠳᠠᠭ᠃ ᠡᠨᠡ ᠠᠷᠭ᠎ᠠ ᠶᠢ ᠮᠦᠴᠢᠷ ᠵᠠᠯᠭᠠᠬᠤ ᠲᠠᠢ ᠬᠠᠷᠢᠴᠠᠭᠤᠯᠪᠠᠯ ᠪᠦᠲᠦᠮᠵᠢᠲᠠᠢ ᠮᠦᠷᠳᠡᠭᠡᠨ ᠬᠢᠯᠪᠡᠷ ᠶᠤᠮ᠃ ᠲᠡᠷᠡᠪᠡᠷ ᠡᠨᠡ ᠮᠡᠷᠭᠡᠵᠢᠯ ᠢᠶᠡᠨ ᠲᠤᠬᠠᠢ ᠶᠢᠨ ᠭᠠᠵᠠᠷ ᠤᠨ ᠢᠷᠭᠡᠳ ᠲᠤ ᠵᠢᠭᠠᠨ ᠦᠭᠴᠦ᠂ ᠳᠡᠳᠡᠨᠡᠷ ᠢ ᠬᠠᠮᠵᠢᠵᠤ ᠨᠢᠬᠡᠨ ᠵᠤᠷᠪᠤᠰ ᠡᠯᠡᠰᠦ ᠶᠢ ᠵᠠᠰᠠᠬᠤ ᠶᠢᠨ ᠵᠡᠷᠭᠡᠴᠡᠭᠡ ᠴᠢᠨᠡᠬᠡᠯᠢᠭ᠍ᠵᠢᠬᠦ ᠵᠠᠮ ᠤᠯᠵᠤ ᠦᠭ᠍ᠭᠦᠭ᠍ᠰᠡᠨ ᠪᠢᠯᠡ᠃

    ᠭᠤᠷᠠᠨᠠᠢ ᠭᠠᠴᠠᠭᠠᠨ ᠤ 39 ᠨᠠᠰᠤᠲᠠᠢ ᠮᠠᠯᠴᠢᠨ ᠡᠷᠳᠡᠨᠢᠪᠠᠲᠤ ᠬᠡᠳᠤᠨ ᠵᠢᠯ ᠤᠨ ᠡᠮᠦᠨ᠎ᠠ ᠲᠦᠪᠪᠠᠳᠤ ᠶᠢ ᠳᠠᠭᠠᠨ ᠴᠠᠭᠠᠨ ᠭᠤᠶᠤᠤ ᠲᠠᠷᠢᠬᠤ ᠮᠡᠷᠭᠡᠵᠢᠯ ᠰᠤᠷᠤᠭᠰᠠᠨ᠃ ᠦᠩᠬᠡᠷᠡᠭᠰᠡᠨ ᠳᠤ᠂ ᠲᠡᠬᠦᠨ ᠤ ᠭᠡᠷ ᠤᠨ ᠤᠷᠤᠯᠭ᠎ᠠ ᠨᠢ ᠭᠤᠤᠯᠳᠠᠭᠤ ᠬᠤᠨᠢ ᠮᠠᠯᠵᠢᠬᠤ ᠪᠡᠷ ᠤᠯᠳᠠᠭ ᠪᠠᠶᠢᠪᠠ᠂ ᠤᠳᠤ ᠬᠠᠷᠢᠨ ᠬᠤᠨᠢ ᠮᠠᠯᠵᠢᠬᠤ ᠪᠡᠷ ᠪᠠᠷᠠᠬᠤ ᠦᠬᠡᠢ ᠪᠠᠰᠠ ᠵᠠᠭ ᠪᠠ ᠴᠠᠭᠠᠨ ᠭᠤᠶᠤᠤ ᠲᠠᠷᠢᠬᠤ ᠪᠤᠯᠤᠭᠰᠠᠨ ᠶᠤᠮ᠃ ᠤᠳᠤ ᠵᠥᠪᠬᠡᠨ ᠴᠠᠭᠠᠨ ᠭᠤᠶᠤᠤ ᠲᠠᠷᠢᠬᠰᠠᠨ ᠵᠢᠯ ᠤᠨ ᠤᠷᠤᠯᠭ᠎ᠠ ᠨᠢ 8 ᠲᠦᠮᠡᠨ ᠲᠦᠭᠦᠷᠢᠭ᠌ ᠲᠤ ᠬᠦᠷᠴᠤ᠂ ᠡᠨᠡ ᠨᠢ ᠬᠤᠨᠢ ᠲᠡᠵᠢᠬᠡᠬᠦ ᠤᠷᠤᠯᠭ᠎ᠠ ᠶᠢᠨ ᠬᠢᠨᠢ 4 ᠳᠠᠬᠢᠨ ᠪᠤᠯᠤᠭᠰᠠᠨ ᠪᠠᠶᠢᠯ᠎ᠠ᠃

    ᠬᠦᠷᠰᠢ ᠠᠶᠢᠯ ᠶᠢᠨ ᠬᠢᠨᠢ ᠪᠠᠲᠤ᠂ ᠦᠯᠵᠡᠶᠢᠪᠠᠶᠠᠷ᠂ ᠮᠦᠩᠬᠡᠪᠠᠲᠤ ᠨᠠᠷ ᠲᠦᠪᠪᠠᠲᠤ ᠶᠢᠨ ᠳᠠᠭᠠᠭᠠᠤᠯᠭ᠎ᠠ ᠪᠡᠷ ᠬᠤᠶᠠᠷ ᠭᠤᠷᠪᠠᠨ ᠵᠠᠭᠤᠨ ᠮᠦ ᠵᠠᠭ ᠪᠠ ᠴᠠᠭᠠᠨ ᠭᠤᠶᠤᠤ ᠲᠠᠷᠢᠪᠠ᠃ ᠳᠡᠳᠡ《ᠵᠠᠭ ᠤᠨ ᠤᠢ ᠪᠤᠯ ᠪᠢᠳᠡᠨ ᠤ ᠪᠠᠩᠬᠢ ᠰᠢᠤ》ᠬᠡᠵᠤ ᠮᠠᠰᠢ ᠪᠠᠶᠠᠷ ᠲᠠᠢ ᠬᠡᠯᠡᠵᠡᠬᠡᠨ᠎ᠠ᠃ ᠤᠶᠢᠷ᠎ᠠ ᠬᠠᠪᠢ ᠶᠢᠨ ᠬᠢᠨᠢ ᠮᠠᠯᠴᠢᠳ ᠪᠤᠯᠤᠨ ᠡᠯᠡᠰᠦ ᠶᠢ ᠵᠠᠰᠠᠬᠤ ᠠᠵᠤ ᠠᠬᠤᠶᠢᠯᠠᠯ ᠵᠠᠯᠭ᠎ᠠ ᠵᠠᠯᠭᠠᠪᠡᠷ ᠢᠷᠡᠵᠤ ᠲᠦᠪᠪᠠᠲᠤ ᠡᠴᠡ ᠵᠦᠪᠯᠡᠯᠭᠡ ᠠᠪᠤᠨ᠎ᠠ᠂ ᠲᠡᠷᠡᠪᠡᠷ ᠶᠡᠷᠦ ᠡᠴᠡ ᠮᠡᠷᠭᠡᠵᠢᠯ ᠢᠶᠡᠨ ᠨᠢᠭᠤᠵᠤ ᠬᠠᠪᠴᠢᠳᠠᠭ ᠦᠬᠡᠢ᠂ ᠪᠦᠬᠦᠨ ᠢ ᠳᠡᠳᠡᠨ ᠳᠤ ᠵᠢᠭᠠᠵᠤ ᠦᠭᠳᠠᠭ᠌᠃ ᠰᠡᠬᠦᠯ ᠤᠨ ᠵᠢᠯ ᠤᠳ ᠲᠤ᠂ ᠨᠤᠳᠤᠭ ᠤᠨ ᠮᠠᠯᠴᠢᠳ ᠴᠠᠭᠠᠨ ᠭᠤᠶᠤᠤ ᠲᠠᠷᠢᠬᠤ ᠪᠡᠷ ᠳᠠᠮᠵᠢᠨ᠂ ᠡᠷᠦᠬᠡ ᠪᠦᠷᠢ ᠶᠢᠨ ᠴᠡᠪᠡᠷ ᠤᠷᠤᠯᠭ᠎ᠠ 4 ᠲᠦᠮᠡ ᠭᠠᠷᠤᠢ ᠲᠦᠭᠦᠷᠢᠭ᠌ ᠨᠡᠮᠡᠭᠳᠡᠭᠰᠡᠨ ᠪᠠᠶᠢᠨ᠎ᠠ᠃

    ᠦᠶ᠎ᠠ ᠶᠢᠨ ᠦᠶ᠎ᠠ ᠬᠦᠴᠦᠨ ᠵᠠᠯᠭᠠᠵᠤ ᠡᠵᠡᠬᠦᠢ ᠬᠡᠬᠡᠷ᠎ᠠ ᠳᠤ ᠨᠤᠭᠤᠭᠠᠨ ᠬᠦᠷᠮ᠎ᠠ ᠡᠮᠦᠰᠭᠡᠪᠡ

    ᠵᠠᠬ ᠮᠤᠳᠤᠳ ᠰᠢᠭᠤᠷᠭ᠎ᠠ ᠰᠦᠷᠦᠨ ᠪᠡᠬᠢᠯᠢᠭ ᠤᠷᠭᠤᠵᠤ ᠡᠯᠡᠰᠦ ᠲᠠᠢ ᠳᠡᠮᠡᠴᠡᠨ᠎ᠡ᠃ ᠪᠠᠳᠠᠢ ᠶᠢᠨ ᠵᠢᠷᠠᠨ ᠤ ᠡᠯᠡᠰᠦᠨ ᠳᠤ ᠨᠢᠬᠡ ᠪᠦᠯᠦᠭ ᠲᠦᠪᠪᠠᠲᠤ ᠲᠠᠢ ᠠᠳᠠᠯᠢ ᠬᠦᠮᠦᠰ ᠳᠡᠰᠪᠤᠷᠢ ᠳᠠᠭᠠᠭᠠᠮᠠᠭᠠᠢ ᠪᠡᠷ ᠤᠶᠢᠵᠢᠭᠤᠯᠵᠤ ᠡᠯᠡᠰᠦ ᠶᠢ ᠵᠠᠰᠠᠨ᠂ ᠦᠶ᠎ᠠ ᠶᠢᠨ ᠦᠶ᠎ᠠ ᠳᠤ ᠪᠡᠨ ᠵᠠᠯᠭᠠᠮᠵᠢᠯᠠᠨ ᠨᠤᠭᠤᠭᠠᠨ ᠮᠦᠷᠦᠬᠡᠳᠦᠯ ᠢᠶᠡᠨ ᠠᠯᠬᠤᠮ ᠠᠯᠬᠤᠮ ᠢᠶᠡᠷ ᠪᠡᠶᠡᠯᠡᠬᠦᠯᠵᠦ ᠪᠤᠢ᠃ 《ᠬᠤᠨ ᠤ ᠰᠦᠷᠦᠭ ᠦᠨᠳᠤᠷ ᠲᠤ ᠲᠡᠬᠦᠯᠢᠬᠦ ᠳᠤ ᠲᠦᠷᠦᠬᠦᠴᠢ ᠬᠤᠨ ᠤ ᠲᠠᠭᠠᠭᠤᠯᠭ᠎ᠠ ᠬᠡᠷᠡᠭ ᠲᠠᠢ᠂ ᠡᠨᠳᠡ ᠵᠠᠭ ᠲᠠᠷᠢᠭᠰᠠᠨ ᠬᠦᠮᠦᠨ ᠲᠡᠮᠡᠢ ᠬᠡᠳᠤ ᠦᠭᠡᠢ᠂ ᠶᠠᠭ ᠡᠨᠡ ᠡᠯᠡᠰᠦ ᠵᠠᠰᠠᠬᠤ ᠲᠡᠷᠢᠬᠦᠨ ᠤ ᠠᠵᠢᠯ ᠤᠨ ᠲᠠᠭᠠᠭᠤᠯᠭ᠎ᠠ ᠳᠤᠤᠷ᠎ᠠ ᠮᠤᠳᠤ ᠲᠠᠷᠢᠬᠤ ᠠᠵᠢᠯ ᠳᠤ ᠤᠷᠤᠯᠴᠠᠬᠤ ᠬᠦᠮᠦᠨ ᠤ ᠳᠤᠭ᠎ᠠ ᠤᠯᠠᠰᠢᠷᠠᠵᠤ ᠪᠠᠶᠢᠨ᠎ᠠ》ᠬᠡᠵᠤ ᠡᠵᠡᠨ᠎ᠡ ᠬᠤᠰᠢᠭᠤᠨ ᠤ ᠲᠡᠳ᠋ ᠲᠠᠷᠤᠭ᠎ᠠ ᠴᠧᠨ ᠲᠢᠶᠧ ᠵᠢᠶᠦ᠋ᠨ ᠶᠠᠷᠢᠨ᠎ᠠ᠃

    ᠲᠠᠯᠠ ᠶᠢᠨ  ᠲᠠᠪᠠᠭ᠎ᠠ  ᠶᠢ ᠲᠠᠪᠠᠭᠰᠠᠨ ᠰᠦᠬᠡ ᠪᠤᠯ ᠠᠯᠠᠱᠠ ᠠᠶᠢᠮᠠᠭ ᠤᠨ ᠤᠯᠤᠰ ᠳᠦᠷᠦ ᠶᠢᠨ ᠵᠦᠪᠯᠡᠯᠬᠡᠨ ᠤ ᠤᠤᠯ ᠤᠨ ᠳᠡᠷᠢᠬᠦᠯᠡᠭᠴᠢ᠂ 14 ᠵᠢᠯ ᠤᠨ ᠡᠮᠦᠨ᠎ᠡ ᠲᠡᠷᠡ ᠠᠵᠢᠯ ᠡᠴᠡ ᠪᠠᠨ ᠡᠷᠳᠡ ᠠᠮᠠᠷᠠᠵᠤ᠂ ᠬᠡᠷᠬᠡᠢ ᠲᠠᠢ ᠪᠠᠨ ᠡᠵᠡᠬᠦᠢ ᠬᠡᠬᠡᠷ᠎ᠡ ᠡᠵᠡᠨ᠎ᠡ ᠬᠤᠰᠢᠭᠤᠨ ᠤ ᠬᠠᠷ᠎ᠠ ᠬᠤᠳᠠ ᠪᠠᠭᠤᠷᠢ ᠶᠢᠨ ᠬᠦᠪᠡᠭᠡᠨ ᠳᠤ ᠡᠯᠳᠡᠪ ᠬᠦᠴᠢᠷᠳᠡᠯ ᠢ ᠲᠤᠭᠤᠯᠵᠤ᠂ ᠡᠷᠴᠢ ᠵᠤᠷᠢᠭ ᠢᠶᠡᠷ 9 ᠲᠦᠮᠡ ᠭᠠᠷᠤᠢ ᠰᠠᠭᠤᠷᠢ ᠵᠠᠭ ᠮᠤᠳᠤ ᠲᠠᠷᠢᠭᠠᠳ 3500 ᠭᠠᠷᠤᠢ ᠮᠦ ᠡᠯᠡᠰᠦ ᠶᠢ ᠵᠠᠰᠠᠵᠤ᠂ 3 ᠺᠢᠯᠤᠮᠧᠲ᠋ᠷ ᠤᠷᠳᠤ᠂ 500 ᠮᠧᠲ᠋ᠷ ᠦᠷᠭᠡᠨ ᠨᠤᠭᠤᠭᠠᠨ ᠬᠠᠯᠬᠠᠪᠴᠢ ᠪᠤᠶᠢᠵᠢᠭᠤᠯᠤᠨ ᠬᠠᠷ᠎ᠠ ᠬᠤᠳᠠ ᠶᠢᠨ ᠪᠠᠭᠤᠷᠢ ᠳ᠋ᠡᠬᠢ ᠰᠢᠷᠤᠢ ᠶᠢᠨ ᠰᠢᠭᠤᠷᠭ᠎ᠠ ᠶᠢ ᠬᠠᠯᠬᠠᠯᠠᠭᠰᠠᠨ ᠪᠠᠶᠢᠨ᠎ᠠ᠃

    ᠲᠠᠪᠢ  ᠶᠢ ᠲᠥᠬᠦᠭᠰᠡᠨ ᠭᠠᠪᠢᠶᠠᠳᠤ᠂ 2005 ᠤᠨ ᠡᠴᠡ ᠡᠬᠢᠯᠡᠨ ᠪᠦᠰᠡᠬᠦᠢ ᠲᠠᠢ ᠪᠠᠨ ᠰᠢᠷᠭᠡᠭ᠌ ᠡᠪᠡᠰᠦ ᠤᠷᠭᠤᠬᠤ ᠦᠭᠡᠢ ᠡᠵᠡᠨ᠎ᠡ ᠶᠢᠨ ᠡᠯᠡᠰᠦᠨ ᠭᠤᠪᠢ ᠳᠤ ᠨᠦᠬᠡ ᠮᠠᠯᠳᠠᠵᠤ ᠴᠢᠬᠢ ᠰᠠᠭᠤᠯᠭᠠᠨ ᠤᠰᠤᠯᠠᠵᠤ᠂ ᠵᠠᠭ ᠮᠤᠳᠤ ᠪᠤᠯᠤᠨ ᠤᠯᠠᠭᠠᠨ ᠤᠳᠠ ᠵᠡᠷᠬᠡ ᠶᠢ 2000 ᠭᠠᠷᠤᠢ ᠮᠦ ᠤᠷᠭᠤᠭᠤᠯᠵᠤ᠂ ᠤᠶᠢᠷ᠎ᠠ ᠬᠠᠪᠢ ᠶᠢᠨ 20 ᠭᠠᠷᠤᠢ ᠡᠷᠦᠬᠡ ᠮᠠᠯᠴᠢᠨ ᠢ ᠲᠠᠶᠢᠴᠢᠯᠠᠨ ᠮᠢᠩᠭ᠎ᠠ ᠭᠠᠷᠤᠢ ᠮᠦ ᠮᠤᠳᠤ ᠲᠠᠷᠢᠵᠤ ᠡᠯᠡᠰᠦᠨ ᠴᠦᠯ ᠢ ᠤᠶᠢᠵᠢᠭᠤᠯᠤᠭᠰᠠᠨ ᠪᠠᠶᠢᠨ᠎ᠠ᠃ ᠵᠠᠰᠠᠭ ᠤᠨ ᠤᠷᠳᠤᠨ  ᠤᠳᠤᠷᠢᠳᠤᠨ᠂ ᠨᠡᠶᠢᠭᠡᠮ ᠨᠡᠶᠢᠲᠡ ᠡᠴᠡ ᠬᠠᠪᠰᠤᠷᠴᠤ᠂ ᠠᠷᠠᠳ ᠤᠯᠠᠨ ᠢᠶᠡᠷ ᠢᠶᠡᠨ ᠬᠦᠳᠡᠯᠦᠯᠴᠡᠵᠤ ᠡᠯᠡᠰᠦᠨ ᠳᠠᠯᠠᠢ ᠶᠢ ᠨᠤᠭᠤᠭᠠᠨ ᠪᠦᠷᠢᠲᠤ ᠪᠤᠯᠭᠠᠬᠤ ᠪᠡᠷ ᠰ᠋ᠶᠢᠳᠪᠡ᠃ ᠵᠢᠷᠭᠤᠭ᠎ᠠ ᠲᠤᠯᠤᠭᠠᠨ ᠵᠢᠯ ᠤᠨ ᠡᠮᠦᠨ᠎ᠠ᠂ ᠡᠵᠡᠨ᠎ᠠ ᠬᠤᠰᠢᠭᠤ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠬᠦᠬᠢᠭᠦᠯᠦᠯ ᠤᠨ ᠬᠤᠷᠠᠯ ᠢ ᠠᠩᠬ᠎ᠠ ᠤᠳᠠᠭ᠎ᠠ ᠬᠤᠷᠠᠯᠳᠤᠭᠤᠯᠵᠤ ᠰᠦᠬᠡ᠂ ᠲᠦᠪᠪᠠᠲᠤ ᠵᠡᠷᠭᠡ ᠡᠯᠡᠰᠤ ᠶᠢ ᠵᠠᠰᠠᠭᠰᠠᠨ ᠲᠡᠷᠢᠭᠦᠨ ᠤ ᠬᠤᠪᠢ ᠬᠦᠮᠦᠨ ᠢ ᠬᠦᠨᠳᠤ ᠬᠥᠬᠢᠭᠦᠯᠦᠯ 2 ᠲᠦᠮᠡᠨ ᠲᠦᠬᠦᠷᠢᠭ᠌ ᠢᠶᠡᠷ ᠱᠠᠩᠨᠠᠪᠠ᠃᠋᠋

    《ᠡᠷᠭᠦᠭᠡᠳ ᠵᠤᠭᠰᠤᠬᠤ ᠳᠤ ᠬᠤᠶᠠᠷ ᠭᠠᠷ ᠴᠡᠴᠡᠷᠡᠭᠡᠳ ᠪᠤᠯᠬᠤ ᠦᠭᠡᠢ᠃ ᠵᠠᠰᠠᠭ ᠤᠨ ᠤᠷᠳᠤᠨ ᠡᠴᠡ ᠮᠦᠩᠭᠦ ᠭᠠᠷᠭᠠᠵᠤ ᠨᠠᠮ᠎ᠠ ᠶᠢ ᠬᠠᠪᠰᠤᠷᠤᠨ ᠬᠤᠳᠳᠤᠭ ᠮᠠᠯᠳᠠᠵᠤ᠂ ᠬᠦᠷᠵᠡ ᠵᠡᠷᠭᠡ ᠬᠡᠷᠡᠭᠰᠡᠯ  ᠠᠪᠴᠤ ᠦᠭ᠍ᠪᠡ᠃ ᠮᠤᠲᠤ ᠲᠠᠷᠢᠬᠤ ᠨᠢ ᠦᠪᠡᠷ ᠤᠨ ᠤᠴᠢᠷ᠂ ᠭᠡᠪᠡᠴᠤ ᠵᠠᠰᠠᠭ ᠤᠨ ᠤᠷᠳᠤᠨ ᠤ ᠬᠦᠬᠢᠭᠦᠯᠦᠯ ᠮᠢᠨᠤ ᠮᠤᠲᠤ ᠲᠠᠷᠢᠬᠤ ᠵᠤᠷᠢᠭ ᠢ ᠤᠯᠠᠮ ᠬᠦᠪᠴᠢᠯᠠᠪᠠ》ᠭᠡᠵᠤ ᠲᠦᠪᠪᠠᠲᠤ ᠶᠠᠷᠢᠯ᠎ᠠ᠃

    ᠮᠠᠯᠴᠢᠳ ᠴᠦᠮ ᠬᠦᠳᠡᠯᠦᠯᠴᠡᠨ᠂ ᠮᠤᠲᠤ ᠲᠠᠷᠢᠵᠤ ᠤᠶᠢᠵᠢᠭᠤᠯᠬᠤ ᠲᠤᠮᠤ ᠪᠠᠭ ᠪᠤᠯᠪᠠ᠃ 《ᠭᠤᠷᠤᠨᠠᠢ ᠰᠤᠮᠤ᠂ ᠦᠩᠲᠤᠭᠤᠤᠯ ᠰᠤᠮᠤ᠂ ᠳᠡᠯ ᠠᠭᠤᠯᠠ ᠰᠤᠮᠤ ᠵᠡᠷᠭᠡ ᠪᠤᠶᠢᠳᠠ ᠪᠦᠭ᠍ᠯᠡᠭᠦᠦ ᠪᠦᠰᠡ ᠨᠤᠲᠤᠭ ᠲᠤ ᠴᠤ ᠭᠡᠰᠡᠨ ᠮᠠᠯᠴᠢᠳ ᠵᠠᠭ ᠮᠤᠲᠤ ᠲᠠᠷᠢᠵᠠᠢ᠃ ᠬᠤᠰᠢᠭᠤ ᠳᠠᠶᠠᠭᠠᠷ ᠤᠨ ᠲᠤᠯᠤᠭᠠᠨ ᠬᠤᠪᠢ ᠶᠢᠨ ᠨᠤᠲᠤᠭ ᠪᠡᠯᠴᠢᠭᠡᠷ ᠲᠠᠢ ᠮᠠᠯᠴᠢᠳ ᠤᠶᠢᠵᠢᠭᠤᠯᠬᠤ ᠠᠵᠢᠯᠯᠠᠭ᠎ᠠ ᠳᠤ ᠤᠷᠤᠯᠴᠠᠪᠠ》ᠭᠡᠵᠤ ᠴᠧᠨ ᠲᠢᠶᠧ ᠵᠢᠶᠦ᠋ᠨ ᠶᠠᠷᠢᠪᠠ᠃

    ᠤᠳᠤᠬᠠᠨ ᠳᠤ᠂ ᠡᠯᠡᠰᠦᠨ ᠭᠤᠪᠢ ᠡᠯᠦᠢ ᠬᠤᠯᠤᠢ ᠪᠢᠰᠢ ᠪᠤᠯᠵᠠᠢ᠂ ᠮᠤᠲᠤ ᠲᠠᠷᠢᠬᠤ ᠤᠯᠠᠷᠢᠯ ᠪᠤᠯᠤᠭᠰᠠᠭᠠᠷ ᠭᠤᠷᠪᠠ ᠲᠠᠪᠤᠨ ᠬᠤᠨᠤᠭ ᠪᠤᠯᠤᠯ ᠦᠭᠡᠢ ᠪᠠᠶᠢᠭᠤᠯᠤᠯᠭ᠎ᠠ ᠨᠢᠭᠡᠴᠠ ᠪᠤᠶᠤ ᠭᠡᠷ ᠪᠦᠯᠢ ᠪᠡᠷ ᠢᠶᠡᠨ ᠬᠦᠷᠦᠯᠴᠡᠨ ᠢᠷᠡᠵᠡᠭᠡᠵᠤ ᠲᠦᠪᠪᠠᠲᠤ ᠶᠢ ᠬᠠᠪᠰᠤᠷᠤᠨ ᠮᠠᠲᠤ ᠲᠠᠷᠢᠨ᠎ᠠ᠃ ᠬᠤᠰᠢᠭᠤ ᠳᠠᠶᠠᠭᠠᠷ ᠤᠨ ᠤᠶᠢᠵᠢᠭᠤᠯᠬᠤ ᠠᠵᠤ ᠠᠬᠤᠶᠢᠯᠠᠯ ᠪᠤᠯᠤᠨ ᠮᠤᠲᠤ ᠲᠠᠷᠢᠬᠤ ᠭᠡᠷ ᠪᠦᠯᠢ 60 ᠭᠠᠷᠤᠢ ᠡᠷᠦᠬᠡ ᠳᠤ ᠬᠦᠷᠴᠤ᠂ ᠬᠦᠮᠦᠨ ᠤ ᠬᠦᠴᠦ ᠪᠡᠷ ᠤᠶᠢᠵᠢᠭᠤᠯᠤᠭᠰᠠᠨ ᠲᠠᠯᠠᠪᠠᠢ 50 ᠲᠦᠮᠡᠨ ᠮᠦ ᠶᠢ ᠳᠠᠪᠠᠪᠠ᠃ ᠡᠶᠢᠨᠬᠦ ᠡᠵᠡᠨ᠎ᠠ ᠬᠤᠰᠢᠭᠤᠨ ᠤ ᠨᠤᠭᠤᠭᠠᠨ ᠪᠦᠷᠢᠲᠤ ᠲᠠᠰᠤᠷᠠᠯᠲᠠ ᠦᠭᠡᠢ ᠦᠷᠭᠡᠵᠢᠵᠤ ᠪᠤᠢ᠃

    《ᠲᠡᠨᠡᠭ ᠡᠪᠦᠬᠡᠨ》 ᠤ᠋ ᠮᠦᠷᠦᠬᠡᠳᠦᠯ ᠪᠡᠶᠡᠯᠡᠵᠤ ᠨᠤᠭᠤᠭᠠᠨ ᠬᠠᠯᠬᠠᠪᠴᠢ ᠪᠤᠰᠴᠠᠢ

    ᠦᠪᠦᠷ ᠮᠣᠩᠭᠣᠯ ᠤᠨ ᠪᠠᠷᠠᠭᠤᠨ ᠬᠢᠵᠠᠭᠠᠷ ᠲᠤ ᠪᠠᠶᠢᠷᠢᠯᠠᠭ᠎ᠠ ᠠᠯᠠᠱᠠ ᠠᠶᠢᠮᠠᠭ ᠪᠤᠯ ᠮᠠᠨ ᠤ ᠤᠯᠤᠰ ᠤᠨ ᠤᠮᠠᠷᠠᠲᠤ ᠶᠢᠨ ᠡᠯᠡᠰᠤᠨ ᠰᠢᠭᠤᠷᠭ᠎ᠠ ᠶᠢᠨ ᠡᠬᠢ ᠶᠢᠨ ᠨᠢᠭᠡ᠂ ᠪᠠᠳᠠᠢ ᠶᠢᠨ ᠵᠢᠷᠠᠨ᠂ ᠤᠯᠠᠭᠠᠨᠪᠦᠬ᠎ᠠ ᠪᠤᠯᠤᠨ ᠲᠡᠭᠷᠢ ᠭᠤᠷᠪᠠᠨ ᠡᠯᠡᠰᠦᠨ ᠴᠦᠯ ᠲᠡᠯᠡᠵᠤ ᠨᠢᠭᠡ ᠦᠶ᠎ᠠ《ᠭᠠᠷ ᠪᠠᠷᠢᠬᠤ》ᠬᠠᠨᠳᠤᠰᠢ ᠲᠠᠢ ᠪᠤᠯᠤᠨ ᠠᠶᠢᠮᠠᠭ ᠳᠠᠶᠠᠭᠠᠷ ᠢᠶᠡᠨ ᠡᠯᠡᠰᠦᠨ ᠳᠤ ᠵᠠᠯᠭᠢᠭᠳᠠᠬᠤ ᠠᠶᠤᠯ ᠳᠤ ᠤᠴᠠᠷᠠᠭᠰᠠᠨ ᠶᠤᠮ᠃ ᠬᠠᠳᠠᠭᠤᠵᠢᠯᠲᠠᠢ ᠤᠷᠴᠢᠨ ᠪᠤᠯᠤᠨ ᠬᠦᠴᠢᠷᠳᠡᠯᠲᠠᠢ ᠨᠦᠬᠦᠴᠡᠯ ᠬᠦᠮᠦᠰ ᠤᠨ ᠨᠤᠭᠤᠭᠠᠨ ᠭᠡᠷ ᠤᠷᠤᠨ ᠢᠶᠡᠨ ᠴᠤᠭᠴᠠᠯᠠᠬᠤ ᠮᠦᠷᠦᠭᠡᠳᠦᠯ ᠢ ᠮᠤᠬᠤᠭᠠᠭᠰᠠᠨ ᠦᠭᠡᠢ᠃ ᠭᠡᠷ ᠤᠷᠤᠨ ᠢᠶᠡᠨ ᠪᠦᠲᠦᠭᠡᠨ ᠪᠠᠶᠢᠭᠤᠯᠬᠤ ᠶᠢᠨ ᠲᠦᠯᠦᠭᠡ ᠲᠦᠪᠪᠠᠲᠤ ᠶᠡᠬᠡ ᠰᠤᠷᠭᠠᠭᠤᠯᠢ ᠪᠡᠨ ᠲᠡᠭᠦᠰᠦᠭᠡᠳ ᠭᠠᠴᠠᠭᠠᠨ ᠳᠤ ᠪᠡᠨ ᠢᠷᠡᠪᠡ᠃ ᠡᠯᠡᠰᠤ ᠶᠢ ᠵᠠᠰᠠᠬᠤ ᠶᠢᠨ ᠲᠦᠯᠦᠭᠡ ᠲᠡᠷᠡ ᠪᠦᠬᠦᠶᠢᠯᠡ ᠬᠠᠳᠠᠭᠠᠯᠠᠮᠵᠢ ᠪᠡᠨ ᠭᠠᠷᠭᠠᠵᠤ ᠮᠤᠲᠤ ᠵᠠᠶᠢᠯᠠᠭᠰᠠᠨ ᠪᠠᠶᠢᠯ᠎ᠠ᠂ ᠬᠠᠳᠠᠭᠤᠵᠢᠯᠲᠠᠢ ᠤᠷᠴᠢᠨ ᠳᠤ ᠲᠡᠷᠡ ᠰᠠᠯᠬᠢ ᠰᠢᠭᠤᠷᠭ᠎ᠠ ᠢ ᠰᠦᠷᠴᠤ ᠬᠦᠴᠢᠷ ᠪᠡᠷᠬᠡᠰᠢᠶᠡᠯ ᠢ ᠲᠡᠪᠴᠢᠵᠤ《ᠪᠦᠬᠦ ᠲᠠᠯ᠎ᠠ ᠶᠢ ᠪᠤᠲᠤᠯᠬᠢᠯᠠᠨ᠂ ᠬᠠᠷᠠᠮ ᠦᠭᠡᠢ ᠵᠤᠷᠢᠭᠤᠯᠬᠤ᠂ ᠨᠤᠭᠤᠷᠠᠰᠢ ᠦᠭᠡᠢ ᠪᠠᠲᠤ᠂ ᠴᠦᠬᠦᠷᠡᠰᠢ ᠦᠭᠡᠢ ᠳᠡᠮᠡᠴᠡᠬᠦ》《ᠠᠯᠠᠱᠠ ᠶᠢᠨ ᠵᠤᠷᠢᠭ ᠰᠠᠨᠠᠭ᠎ᠠ》 ᠶᠢ ᠢᠯᠡᠷᠡᠬᠦᠯᠵᠡᠢ᠃ ᠳᠡᠭᠡᠷ᠎ᠠ ᠵᠠᠭᠤᠨ ᠤ ᠰᠠᠭᠦᠯᠴᠢ ᠪᠡᠷ ᠠᠯᠠᠱᠠ ᠠᠶᠢᠮᠠᠭ ᠤᠨ 20 ᠭᠠᠷᠤᠢ ᠲᠦᠮᠡᠨ ᠺᠠᠳ᠋ᠷ ᠠᠵᠢᠯᠲᠠᠳ《ᠬᠦᠮᠦᠨ ᠳᠦᠷᠢᠵᠤ ᠡᠯᠡᠰᠤ ᠤᠬᠤᠷᠢᠬᠤ》ᠵᠤᠷᠢᠭ ᠢ ᠪᠠᠷᠢᠮᠲᠠᠯᠠᠨ ᠨᠢᠳᠤ ᠦᠭᠡᠢ ᠰᠢᠭᠤᠷᠭ᠎ᠠ ᠪᠤᠰᠤᠭᠰᠠᠨ ᠡᠯᠡᠰᠦᠨ ᠴᠦᠯ ᠳᠤ ᠶᠡᠬᠡ ᠬᠡᠪᠴᠢᠶ᠎ᠠ ᠪᠡᠷ ᠮᠤᠲᠤ ᠲᠠᠷᠢᠵᠤ ᠰᠡᠭᠦᠯᠡᠷᠬᠢ ᠰᠢᠨᠵᠢᠯᠡᠬᠦ ᠤᠬᠠᠭᠠᠨᠴᠢ ᠪᠡᠷ ᠡᠯᠡᠰᠤ ᠶᠢ ᠵᠠᠰᠠᠬᠤ ᠳᠤ ᠲᠤᠷᠰᠢᠯᠭ᠎ᠠ ᠰᠤᠷᠭᠠᠮᠵᠢ ᠬᠤᠷᠠᠮᠳᠤᠭᠤᠯᠪᠠ᠃

    ᠰᠡᠭᠦᠯ ᠤᠨ ᠵᠢᠯ ᠤᠳ ᠲᠤ᠂ ᠲᠤᠬᠠᠢ ᠶᠢᠨ ᠪᠦᠰᠡ ᠨᠤᠲᠤᠭ ᠠᠮᠢ ᠠᠬᠤᠢ ᠶᠢᠨ ᠴᠢᠭᠯᠡᠯᠲᠡ ᠪᠡᠨ ᠲᠤᠳᠤᠷᠬᠠᠢ ᠲᠤᠭᠲᠠᠭᠠᠵᠤ᠂ ᠠᠵᠤ ᠦᠢᠯᠡᠳᠪᠦᠷᠢ ᠶᠢᠨ ᠲᠦᠪᠯᠡᠷᠡᠭᠦᠯᠦᠨ ᠬᠦᠭ᠍ᠵᠢᠭᠦᠯᠬᠦ ᠶᠢ ᠠᠬᠢᠭᠤᠯᠤᠨ᠂ ᠲᠠᠷᠢᠶᠠᠯᠠᠩ ᠤᠨ ᠦᠢᠯᠡᠰ ᠢ ᠲᠤᠬᠢᠷᠠᠮᠵᠢᠲᠠᠢ ᠬᠦᠭ᠍ᠵᠢᠭᠦᠯᠵᠤ᠂ ᠮᠠᠯ ᠠᠵᠤ ᠠᠬᠤᠢ ᠶᠢ ᠵᠤᠬᠢᠰᠲᠠᠢ ᠬᠦᠭ᠍ᠵᠢᠭᠦᠯᠦᠨ᠂ ᠶᠡᠬᠡ ᠡᠷᠴᠢᠮ ᠬᠦᠴᠦ ᠵᠠᠷᠤᠴᠠᠭᠤᠯᠳᠠᠭ ᠠᠵᠤ ᠠᠬᠤᠶᠢᠯᠠᠯ ᠪᠤᠯᠤᠨ ᠪᠤᠬᠢᠷᠳᠤᠯ ᠶᠡᠬᠡᠲᠠᠢ ᠠᠵᠤ ᠠᠬᠤᠶᠢᠯᠠᠯ ᠢ ᠵᠤᠭᠰᠤᠭᠠᠵᠤ᠂ ᠲᠠᠷᠢᠶᠠᠯᠠᠬᠤ ᠶᠢ ᠵᠤᠭᠰᠤᠭᠠᠵᠤ ᠤᠢ ᠰᠢᠭᠤᠢ ᠡᠪᠡᠰᠤ ᠪᠡᠯᠴᠢᠭᠡᠷ ᠢ ᠰᠡᠷᠭᠦᠬᠡᠨ᠂ ᠡᠪᠳᠡᠭᠳᠡᠭᠡ ᠦᠭᠡᠢ ᠭᠠᠵᠠᠷ ᠲᠤ ᠲᠠᠷᠢᠶᠠᠯᠠᠬᠤ ᠶᠢ ᠴᠠᠭᠠᠵᠠᠯᠠᠵᠤ᠂ ᠰᠡᠯᠭᠦᠨ ᠮᠠᠯᠵᠢᠬᠤ ᠪᠤᠯᠤᠨ ᠡᠪᠡᠰᠤ ᠪᠡᠯᠴᠢᠭᠡᠷ ᠤᠨ ᠲᠡᠩᠴᠡᠭᠦᠷᠢ ᠶᠢ ᠪᠠᠲᠤᠯᠠᠬᠤ ᠳᠦᠷᠢᠮ ᠢ ᠴᠢᠩᠭ᠎ᠠ ᠲᠤᠤᠱᠯᠠᠭᠤᠯᠤᠨ᠂ ᠡᠳ᠋ ᠤᠨ ᠵᠠᠰᠠᠭ ᠤᠨ ᠦᠷ᠎ᠠ ᠠᠰᠢᠭ ᠰᠠᠶᠢᠨ ᠪᠤᠯᠪᠠᠴᠤ ᠤᠷᠴᠢᠨ ᠲᠤᠭᠤᠷᠢᠨ ᠤ ᠳᠠᠷᠤᠯᠲᠠ ᠶᠡᠬᠡᠲᠠᠢ ᠬᠦᠭ᠍ᠵᠢᠯᠲᠠ ᠶᠢᠨ ᠲᠤᠬᠢᠶᠠᠯ ᠢ ᠲᠡᠪᠴᠢᠭᠰᠡᠨ ᠪᠠᠶᠢᠯ᠎ᠠ᠃ ᠡᠮᠦᠨ᠎ᠠ ᠬᠡᠳᠦᠨ ᠵᠢᠯ ᠪᠡᠯᠴᠢᠭᠡᠷ ᠨᠤᠲᠤᠭ ᠡᠴᠡ ᠪᠡᠨ ᠰᠠᠯᠵᠤ ᠪᠤᠰᠤᠳ ᠠᠮᠢᠳᠤᠷᠠᠬᠤ ᠵᠠᠮ ᠬᠠᠶᠢᠭᠰᠠᠨ ᠮᠠᠯᠴᠢᠨ ᠲᠠᠷᠢᠶᠠᠴᠢᠳ᠂ ᠨᠤᠳᠤᠭ ᠤᠨ ᠢᠶᠡᠨ ᠬᠦᠭ᠍ᠵᠢᠯᠲᠠ ᠶᠢᠨ ᠪᠤᠯᠤᠯᠴᠠᠭ᠎ᠠ ᠶᠢ ᠤᠶᠢᠯᠠᠭᠠᠵᠤ ᠨᠤᠳᠤᠭ ᠪᠤᠴᠠᠨ ᠬᠤᠷᠰᠢᠶᠠᠵᠢᠯ ᠳᠤ ᠤᠷᠤᠯᠴᠠᠨ ᠵᠠᠭ ᠮᠤᠲᠤ ᠪᠤᠯᠤᠨ ᠴᠠᠭᠠᠨ ᠭᠤᠶᠤᠤ ᠲᠠᠷᠢᠵᠤ ᠡᠬᠢᠯᠡᠨ ᠠᠮᠢ ᠠᠬᠤᠢ ᠬᠢᠭᠡᠳ ᠡᠳ᠋ ᠤᠨ ᠵᠠᠰᠠᠭ ᠤᠨ ᠬᠤᠤᠰ ᠦᠰᠦᠯᠲᠠ ᠶᠢ ᠪᠡᠶᠡᠯᠡᠭᠦᠯᠪᠠ᠃

    ᠲᠦᠪᠪᠠᠲᠤ ᠶᠢᠨ ᠬᠢ ᠳ᠋ᠦᠩ ᠹᠧᠩ ᠰᠠᠨᠰᠠᠷ ᠤᠨ ᠬᠤᠲᠠ ᠡᠴᠡ 150 ᠺᠢᠯᠤᠮᠧᠲ᠋ᠷ ᠵᠠᠶᠢᠲᠠᠢ ᠪᠠᠶᠢᠷᠢᠯᠠᠳᠠᠭ᠃ ᠠᠭᠠᠷ ᠠᠶᠠᠯᠠᠯ ᠤᠨ ᠬᠤᠲᠠ ᠳᠤᠮᠳᠠᠳᠤ ᠶᠢᠨ ᠬᠦᠮᠦᠰ ᠤᠨ ᠠᠭᠠᠷ ᠠᠶᠠᠯᠠᠯ ᠤᠨ ᠮᠦᠷᠦᠭᠡᠳᠦᠯ ᠪᠤᠯᠤᠨ ᠤᠯᠤᠰ ᠢᠶᠡᠨ ᠬᠦᠴᠦᠷᠭᠡᠭ᠍ᠵᠢᠭᠦᠯᠬᠦ ᠮᠦᠷᠦᠭᠡᠳᠦᠯ ᠢ ᠠᠴᠢᠵᠤ ᠪᠠᠶᠢᠳᠠᠭ᠃ ᠲᠦᠪᠪᠠᠲᠤ ᠤᠯᠠ ᠰᠠᠭᠤᠷᠢ ᠲᠠᠢ᠂ ᠴᠦᠬᠦᠷᠡᠰᠢ ᠦᠭᠡᠢ ᠴᠢᠷᠮᠠᠶᠢᠵᠤ ᠦᠪᠡᠷ ᠤᠨ ᠢᠶᠡᠨ ᠠᠮᠢ ᠠᠬᠤᠢ ᠶᠢ ᠰᠡᠷᠭᠦᠭᠡᠬᠦ ᠮᠦᠷᠦᠭᠡᠳᠦᠯ ᠢᠶᠡᠨ ᠪᠡᠶᠡᠯᠡᠭᠦᠯᠦᠭᠰᠡᠭᠡᠷ ᠪᠠᠶᠢᠯ᠎ᠠ᠃ ᠲᠦᠪᠪᠠᠲᠤ ᠶᠢᠨ ᠵᠠᠭ ᠤᠨ ᠤᠢ ᠪᠤᠯᠤᠨ ᠠᠯᠠᠱᠠ ᠶᠢᠨ ᠨᠤᠭᠤᠭᠠᠨ ᠬᠠᠯᠬᠠᠪᠴᠢ ᠠᠭᠠᠷ ᠠᠶᠠᠯᠠᠯ ᠤᠨ ᠬᠤᠲᠠ ᠶᠢ ᠰᠠᠬᠢᠨ ᠬᠠᠮᠠᠭᠠᠯᠠᠵᠤ ᠪᠠᠶᠢᠳᠠᠭ ᠲᠤ ᠲᠡᠷᠡᠪᠡᠷ ᠶᠡᠬᠡᠲᠠ ᠤᠮᠤᠭᠰᠢᠵᠤ ᠶᠠᠪᠤᠳᠠᠭ᠂ ᠲᠡᠭᠦᠨ ᠤ ᠠᠮᠢ ᠠᠬᠤᠢ ᠶᠢ ᠰᠡᠷᠭᠦᠭᠡᠬᠦ ᠮᠦᠷᠦᠭᠡᠳᠦᠯ ᠨᠢ ᠠᠭᠠᠷ ᠠᠶᠠᠯᠠᠯ ᠤᠨ ᠮᠦᠷᠦᠭᠡᠳᠦᠯ ᠬᠢᠭᠡᠳ ᠳᠤᠮᠳᠠᠳᠤ ᠶᠢᠨ ᠮᠦᠷᠦᠭᠡᠳᠦᠯ ᠲᠠᠢ ᠬᠤᠯᠪᠤᠯᠳᠤᠵᠤ ᠪᠤᠢ᠃

    ᠲᠦᠪᠪᠠᠲᠤ ᠬᠦᠷᠵᠡ ᠪᠡᠨ ᠡᠭᠦᠷᠦᠨ ᠮᠠᠨᠳᠤᠬᠤ ᠨᠠᠷᠠ ᠲᠠᠢ ᠤᠷᠤᠯᠳᠤᠨ ᠵᠠᠭ ᠶᠢᠨ ᠤᠢ ᠶᠢ ᠴᠢᠭᠯᠡᠨ ᠠᠯᠬᠤᠨ᠎ᠠ ᠁

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121599842