蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ ᠤᠨ ᠴᠦᠯᠵᠢᠯᠳᠡ ᠶᠢ ᠰᠡᠷᠬᠡᠶᠢᠯᠡᠨ ᠵᠠᠰᠠᠭᠰᠠᠨ ᠠᠮᠵᠢᠯᠳᠠ ᠪᠦᠳᠦᠮᠵᠢ ᠶᠢᠨ ᠦᠵᠡᠰᠬᠦᠯᠡᠩ ᠤᠷᠳᠤᠰ ᠲᠤ ᠪᠤᠯᠪᠠ

2017-09-06 18:07

    ᠰᠢᠨᠬᠤᠧᠠ ᠬᠤᠷᠢᠶ᠎ᠠ   ᠬᠦᠬᠡᠬᠤᠳᠠ ᠶᠢᠨ 9 ᠰᠠᠷ᠎ᠠ ᠶᠢᠨ 6 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠬᠠᠯᠢᠨ᠎ᠠ) 6 ᠤ ᠡᠳᠦᠷ᠂ 《ᠴᠦᠯᠵᠢᠯᠳᠡ ᠶᠢ ᠰᠡᠷᠬᠡᠶᠢᠯᠡᠨ ᠵᠠᠰᠠᠬᠤ ᠨᠢᠬᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠨᠡᠶᠢᠳᠡ ᠶᠢᠨ ᠬᠡᠷ᠎ᠡ》 ᠶᠢᠨ ᠠᠷᠪᠠᠨ ᠭᠤᠷᠪᠠᠳᠤᠭᠠᠷ ᠬᠤᠭᠤᠴᠠᠭᠠᠨ ᠤ ᠬᠡᠷ᠎ᠡ ᠪᠠᠶᠢᠭᠤᠯᠤᠭᠴᠢ ᠳᠠᠯ᠎ᠠ ᠶᠢᠨ ᠶᠡᠬᠡ ᠬᠤᠷᠠᠯ ᠤᠳᠠᠬᠤ ᠦᠬᠡᠢ ᠬᠤᠷᠠᠯᠳᠤᠬᠤ ᠬᠡᠵᠤ ᠪᠠᠶᠢᠭ᠎ᠠ ᠳᠠᠰᠢᠷᠠᠮ ᠢᠶᠡᠷ᠂ ᠤᠯᠤᠰ ᠤᠨ ᠤᠢ ᠰᠢᠭᠤᠢ ᠶᠢᠨ ᠳᠤᠪᠴᠢᠶ᠎ᠠ ᠨᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠷᠳᠤᠰ ᠬᠤᠳᠠ ᠳᠤ 《ᠠᠮᠢ ᠠᠬᠤᠢ ᠶᠢᠨ ᠤᠷᠳᠤ ᠴᠠᠭᠠᠨ ᠬᠡᠷᠡᠮ ᠢ ᠪᠠᠶᠢᠭᠤᠯᠤᠶ᠎ᠠ》 ᠬᠡᠮᠡᠬᠦ ᠭᠤᠤᠯ ᠰᠡᠳᠦᠪᠳᠤ ᠳᠤᠮᠳᠠᠳᠤ ᠤᠯᠤᠰ ᠤᠨ ᠴᠦᠯᠵᠢᠯᠳᠡ ᠶᠢ ᠰᠡᠷᠬᠡᠶᠢᠯᠡᠨ ᠵᠠᠰᠠᠭᠰᠠᠨ ᠠᠮᠵᠢᠯᠳᠠ ᠪᠦᠳᠦᠮᠵᠢ ᠶᠢᠨ ᠦᠵᠡᠰᠬᠦᠯᠡᠩ ᠢ ᠵᠤᠬᠢᠶᠠᠨ ᠪᠠᠶᠢᠭᠤᠯᠤᠭᠰᠠᠨ ᠪᠠᠶᠢᠨ᠎ᠠ᠃

    ᠦᠵᠡᠰᠬᠦᠯᠡᠩ ᠨᠢ ᠰᠢᠨ᠎ᠡ ᠳᠤᠮᠳᠠᠳᠤ ᠤᠯᠤᠰ ᠪᠠᠶᠢᠭᠤᠯᠤᠭᠰᠠᠨ 68 ᠵᠢᠯ ᠤᠨ ᠳᠤᠷᠰᠢᠬᠢ ᠡᠯᠡᠰᠦ ᠶᠢ ᠰᠡᠷᠬᠡᠶᠢᠯᠡᠨ ᠵᠠᠰᠠᠭᠰᠠᠨ ᠦᠩᠬᠡᠷᠡᠬᠡᠯᠳᠡ ᠪᠡᠷ ᠴᠠᠭ ᠤᠨ ᠬᠦᠷᠳᠤ ᠪᠤᠯᠭᠠᠵᠤ ᠪᠦᠬᠦ ᠳᠠᠯ᠎ᠠ ᠪᠡᠷ ᠤᠯᠠᠨ ᠬᠠᠷᠠᠭᠠᠰᠤ ᠡᠴᠡ ᠳᠤᠮᠳᠠᠳᠤ ᠤᠯᠤᠰ ᠤᠨ ᠵᠠᠰᠠᠭ ᠤᠨ ᠭᠠᠵᠠᠷ ᠤᠨ ᠢᠷᠬᠡᠳ ᠢ ᠳᠠᠭᠠᠭᠤᠯᠤᠨ ᠴᠦᠯᠵᠢᠯᠳᠡ ᠶᠢ ᠰᠡᠷᠬᠡᠶᠢᠯᠡᠨ ᠵᠠᠰᠠᠭᠰᠠᠨ ᠬᠦᠴᠢᠷ ᠪᠡᠷᠬᠡᠰᠢᠶᠡᠯᠳᠦ ᠳᠡᠤᠬᠡ ᠪᠤᠯᠤᠨ ᠠᠮᠵᠢᠯᠳᠠ ᠪᠦᠳᠦᠮᠵᠢ᠂ ᠳᠤᠮᠳᠠᠳᠤ ᠤᠯᠤᠰ ᠤᠨ ᠴᠦᠯᠵᠢᠯᠳᠡ ᠶᠢᠨ ᠡᠰᠡᠷᠬᠦ ᠠᠪᠤᠭᠰᠠᠨ ᠦᠷ᠎ᠡ ᠳ᠋ᠦᠩ ᠲᠠᠢ ᠠᠷᠭ᠎ᠠ ᠠᠪᠴᠠᠯ ᠪᠤᠯᠤᠨ ᠠᠮᠵᠢᠯᠳᠠ ᠲᠠᠢ ᠳᠤᠷᠰᠢᠯᠭ᠎ᠠ᠂ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠠᠵᠢᠯᠳᠠᠳ ᠪᠤᠯᠤᠨ ᠡᠯᠡᠰᠦᠨ ᠳᠤ ᠤᠷᠤᠰᠢᠨ ᠠᠮᠢᠳᠤᠷᠠᠭ᠎ᠠ ᠬᠦᠮᠦᠰ ᠤᠨ ᠡᠯᠡᠰᠦ ᠶᠢ ᠵᠠᠰᠠᠭᠰᠠᠨ ᠤᠶᠤᠨ ᠤᠬᠠᠭᠠᠨ ᠵᠢᠴᠢ ᠳᠤᠮᠳᠠᠳᠤ ᠤᠯᠤᠰ ᠤᠨ ᠢᠷᠬᠡᠳ ᠤᠨ ᠴᠦᠯᠵᠢᠯᠳᠡ ᠶᠢᠨ ᠡᠰᠡᠷᠬᠦ ᠶᠠᠪᠤᠭᠤᠯᠤᠭᠰᠠᠨ ᠰᠡᠳᠬᠢᠯ ᠬᠦᠳᠡᠯᠬᠡᠮ᠎ᠡ ᠦᠢᠯᠡ ᠠᠵᠢᠯᠯᠠᠭ᠎ᠠ ᠪᠠ ᠵᠤᠷᠢᠭ ᠰᠠᠨᠠᠭ᠎ᠠ ᠶᠢ ᠳᠡᠯᠬᠡᠨ ᠦᠵᠡᠬᠦᠯᠦᠭᠰᠡᠨ ᠪᠠᠶᠢᠨ᠎ᠠ᠃ ᠡᠶᠢᠨᠬᠦ ᠳᠡᠯᠡᠬᠡᠢ ᠶᠢᠨ ᠬᠠᠷᠠᠭᠠᠨ ᠳᠤ ᠬᠦᠷᠬᠡᠭᠰᠡᠨ ᠳᠤᠮᠳᠠᠳᠤ ᠤᠯᠤᠰ ᠤᠨ ᠴᠦᠯᠵᠢᠯᠳᠡ ᠶᠢ ᠰᠡᠷᠬᠡᠶᠢᠯᠡᠨ ᠵᠠᠰᠠᠭᠰᠠᠨ《ᠳᠤᠮᠳᠠᠳᠤ ᠶᠢᠨ ᠤᠪᠤᠷ》᠂ 《ᠳᠤᠮᠳᠠᠳᠤ ᠶᠢᠨ ᠳᠦᠰᠦᠯ》᠂《ᠳᠤᠮᠳᠠᠳᠤ ᠶᠢᠨ ᠤᠶᠤᠨ ᠤᠬᠠᠭᠠᠨ》᠂ 《ᠳᠤᠮᠳᠠᠳᠤ ᠶᠢᠨ ᠠᠮᠵᠢᠯᠳᠠ ᠪᠦᠳᠦᠮᠵᠢ》 ᠪᠤᠯᠤᠨ 《ᠳᠤᠮᠳᠠᠳᠤ ᠶᠢᠨ ᠵᠤᠷᠢᠭ ᠰᠠᠨᠠᠭ᠎ᠠ》 ᠨᠢ ᠤᠯᠠᠨ ᠤᠯᠤᠰ ᠤᠨ ᠳᠦᠯᠦᠬᠡᠯᠡᠬᠦ ᠪᠠᠭ ᠤᠨ ᠠᠩᠬᠠᠷᠤᠯ ᠳᠤ ᠬᠦᠷᠴᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121617409