蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ ᠤᠨ ᠬᠦᠭᠡᠷᠭᠡᠭ᠍ᠰᠡᠨ ᠭᠠᠶᠢᠬᠠᠮᠰᠢᠭᠲᠤ ᠳᠠᠭᠠᠭᠤᠯᠢ᠄ ᠨᠢᠰᠬᠦ ᠤᠩᠭ᠋᠋ᠤᠴᠠ ᠬᠤᠷᠳᠤᠨ ᠤ ᠭᠠᠯᠲᠤ ᠲᠡᠷᠭᠡᠨ ᠳᠡᠭᠡᠷ᠎ᠠ ᠴᠤ ᠲᠠᠨ ᠢ ᠢᠨᠲ᠋ᠧᠷᠨ᠋᠋ᠧᠲ ᠲᠤ ᠲᠦᠷᠭᠡᠨ ᠬᠤᠯᠪᠤᠨ᠎ᠠ

2017-09-08 17:17

    2017 ᠤᠨ ᠤ 4 ᠰᠠᠷ᠎ᠠ ᠶᠢᠨ 12 ᠤᠨ ᠡᠳᠦᠷ᠂ ᠳᠤᠮᠳᠠᠳᠤ ᠤᠯᠤᠰ ᠰᠢ ᠴᠠᠩ ᠳᠠᠭᠠᠭᠤᠯᠢ ᠬᠦᠭᠡᠷᠭᠡᠬᠦ ᠲᠦᠪ ᠡᠴᠡ ᠴᠠᠩ ᠵᠧᠩ ᠭᠤᠷᠪᠠ ᠨᠤᠮᠧᠷᠲᠤ ᠬᠤᠶᠠᠳᠤᠭᠠᠷ ᠠᠴᠢᠶᠠᠨ ᠤ ᠲᠡᠶᠢᠷᠦᠯᠲᠤ ᠬᠦᠯᠭᠡ ᠪᠡᠷ ᠰᠢ ᠵᠢᠶᠠᠨ ᠠᠷᠪᠠᠨ ᠭᠤᠷᠪᠠ ᠨᠤᠮᠧᠷᠲᠤ ᠳᠠᠭᠠᠭᠤᠯᠢ ᠶᠢ ᠠᠮᠵᠢᠯᠲᠠ ᠲᠠᠢ ᠬᠦᠭᠡᠷᠭᠡᠪᠡ᠃ ᠡᠨᠡ ᠨᠢ ᠮᠠᠨ ᠤ ᠤᠯᠤᠰ ᠤᠨ ᠠᠩᠬᠠᠨ ᠤ ᠰᠤᠷᠠᠬ ᠵᠠᠩᠭᠢ ᠶᠢᠨ ᠦᠨᠳᠦᠷ ᠪᠠᠭᠲᠠᠭᠠᠮᠵᠢᠲᠤ ᠬᠤᠯᠪᠤᠭᠠᠨ ᠤ ᠳᠠᠭᠠᠭᠤᠯᠢ ᠪᠤᠯᠵᠤ᠂ ᠰᠤᠷᠠᠭ ᠵᠠᠩᠭᠢ ᠶᠢᠨ ᠪᠠᠭᠲᠠᠭᠠᠮᠵᠢ ᠨᠢ 20G ᠢ ᠳᠠᠪᠠᠨ᠂ ᠦᠨᠡᠨᠬᠦ ᠪᠦᠷᠢᠨ ᠡᠷᠬᠡᠲᠤ ᠬᠤᠯᠪᠤᠭᠠᠨ ᠤ ᠳᠠᠭᠠᠭᠤᠯᠢ ᠶᠢᠨ ᠦᠷᠭᠡᠨ ᠵᠤᠷᠪᠤᠰᠲᠤ ᠬᠡᠷᠡᠭᠯᠡᠭᠡ ᠶᠢ ᠪᠡᠶᠡᠯᠡᠭᠦᠯᠵᠠᠢ᠃

    ᠡᠨᠡᠬᠦ ᠮᠡᠷᠭᠡᠵᠢᠯ ᠤᠨ ᠰᠢᠪᠲᠤᠯᠤᠯᠲᠠ ᠨᠢ ᠬᠤᠵᠢᠮ ᠬᠤᠯᠪᠤᠭᠠᠨ ᠤ ᠳᠠᠭᠠᠭᠤᠯᠢ ᠪᠡᠷ ᠳᠠᠮᠵᠢᠨ ᠴᠠᠭ ᠭᠠᠵᠠᠷ ᠤᠷᠤᠨ ᠤ ᠬᠢᠵᠠᠭᠠᠷᠯᠠᠯ ᠦᠭᠡᠢ ᠪᠡᠷ ᠢᠨᠲ᠋ᠧᠷᠨ᠋᠋ᠧᠲ ᠠᠰᠢᠭᠯᠠᠵᠤ ᠴᠢᠳᠠᠬᠤ ᠪᠤᠯᠤᠭᠰᠠᠨ ᠢ ᠬᠠᠷᠠᠭᠤᠯᠵᠤ ᠪᠤᠢ᠂ ᠤᠨᠴᠠᠭᠠᠶᠢᠯᠠᠨ ᠭᠠᠵᠠᠷ ᠤᠨ ᠭᠠᠳᠠᠷᠭᠤ ᠳᠡᠬᠢ ᠴᠢᠮᠡᠭᠡ ᠬᠤᠯᠪᠤᠭᠠᠨ ᠤ ᠢᠨᠲ᠋ᠧᠷᠨ᠋᠋ᠧᠲ ᠦᠯᠦ ᠪᠦᠷᠬᠦᠬᠦ ᠪᠦᠰᠡ ᠨᠤᠲᠤᠭ ᠵᠢᠴᠢ ᠨᠢᠰᠬᠦ ᠤᠩᠭ᠋᠌ᠤᠴᠠ᠂ ᠬᠤᠷᠳᠤᠨ ᠤ ᠭᠠᠯᠲᠤ ᠲᠡᠷᠭᠡ᠂ ᠬᠦᠯᠭᠡ ᠤᠩᠭ᠋᠌ᠤᠴᠠ ᠵᠡᠷᠭᠡ ᠵᠠᠮ ᠬᠠᠷᠢᠯᠴᠠᠭᠠᠨ ᠤ ᠬᠡᠷᠡᠭᠰᠡᠯ ᠳᠡᠭᠡᠷ᠎ᠠ ᠴᠦᠮ ᠢᠨᠲ᠋ᠧᠷᠨ᠋᠋ᠧᠲ ᠠᠰᠢᠭᠯᠠᠵᠤ ᠴᠢᠳᠠᠬᠤ ᠪᠤᠯᠤᠨ᠎ᠠ᠃

ᠢᠷᠡᠯᠳᠡ᠄ ᠰᠢᠨᠬᠤᠸᠠ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121632789