蒙古文网站Logo
ᠰᠢᠨᠬᠤᠸᠠ ᠮᠤᠩᠭ᠋ᠤᠯ ᠨᠧᠲ

ᠲᠦᠷᠦᠭᠦᠬᠡᠨ ᠰᠢᠷᠦᠭᠦᠨ ᠪᠤᠷᠤᠭᠠᠨ ᠤᠷᠤᠭᠰᠠᠨ ᠡᠴᠡ ᠪᠤᠯᠵᠤ ᠮᠠᠨ ᠤ ᠤᠯᠤᠰ ᠤᠨ 7 ᠮᠤᠵᠢ ᠤᠷᠤᠨ  ᠳᠤ15 ᠬᠦᠮᠦᠨ ᠡᠨᠳᠡᠵᠤ ᠰᠤᠷᠠᠭ ᠲᠠᠰᠤᠷᠠᠪᠠ

2017-09-12 11:52

    ᠰᠢᠨᠬᠤᠸᠠ ᠬᠤᠷᠢᠶ᠎ᠠ   ᠪᠡᠭᠡᠵᠢᠩ ᠤᠨ 9 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠭᠡ( ᠰᠤᠷᠪᠤᠯᠵᠢᠯᠠᠭᠴᠢ ᠯᠦᠸᠸ ᠵᠸᠩ ᠭᠤᠸᠠᠩ) ᠢᠷᠭᠡᠨ ᠤ ᠶᠠᠪᠤᠳᠠᠯ ᠤᠨ ᠶᠠᠮᠤᠨ ᠡᠴᠡ 11 ᠤ ᠡᠳᠦᠷ ᠨᠠᠶᠢᠲᠡᠯᠡᠭᠰᠡᠨ ᠪᠦᠷᠢᠳᠭᠡᠯ ᠢ ᠦᠨᠳᠦᠰᠦᠯᠡᠪᠡᠯ᠂ 9 ᠰᠠᠷ᠎ᠠ ᠶᠢᠨ 8 ᠡᠴᠡ ᠨᠠᠰᠢ ᠰᠢᠷᠦᠭᠦᠨ ᠪᠤᠷᠤᠭᠠᠨ ᠤᠷᠤᠭᠰᠠᠨ ᠡᠴᠡ ᠪᠤᠯᠵᠤ ᠮᠠᠨ ᠤ ᠤᠯᠤᠰ ᠤᠨ ᠪᠠᠷᠠᠭᠤᠨ ᠡᠮᠦᠨᠡᠲᠤ ᠬᠡᠰᠡᠭ ᠪᠤᠯᠤᠨ ᠵᠢᠶᠠᠩ ᠬᠠᠨ ᠤ ᠬᠣᠸᠠᠩ ᠬᠤᠸᠠᠢ ᠶᠢᠨ ᠪᠦᠰᠡ ᠨᠤᠲᠤᠭ ᠤᠨ 7 ᠮᠤᠵᠢ ᠤᠷᠤᠨ ᠳᠤ5936 ᠲᠦᠮᠡᠨ ᠬᠦᠮᠦᠨ ᠭᠠᠮᠰᠢᠭᠳᠠᠵᠤ᠂ 15 ᠬᠦᠮᠦᠨ ᠡᠨᠳᠡᠵᠤ ᠰᠤᠷᠠᠭ ᠲᠠᠰᠤᠷᠠᠪᠠ᠃

    ᠡᠯ᠎ᠠ ᠪᠦᠰᠡ ᠨᠤᠲᠤᠭ ᠤᠨ ᠢᠷᠭᠡᠨ ᠤ ᠶᠠᠪᠤᠳᠠᠯ ᠤᠨ ᠮᠡᠳᠡᠭᠦᠯᠦᠯᠲᠡ ᠶᠢ ᠦᠨᠳᠦᠰᠦᠯᠡᠪᠡᠯ᠂ 9 ᠰᠠᠷ᠎ᠠ ᠶᠢᠨ 8 ᠤ ᠡᠳᠦᠷ ᠡᠴᠡ ᠨᠠᠰᠢ᠂ ᠮᠠᠨ ᠤ ᠤᠯᠤᠰ ᠤᠨ ᠪᠠᠷᠠᠭᠤᠨ ᠡᠮᠦᠨᠡᠲᠤ ᠪᠦᠰᠡ ᠨᠤᠲᠤᠭ᠂ ᠱᠠᠨᠰᠢ ᠶᠢᠨ ᠡᠮᠦᠨᠡᠲᠤ ᠬᠡᠰᠡᠭ ᠡᠴᠡ ᠬᠤᠸᠠᠩ ᠬᠤᠧᠠᠢ ᠤᠷᠴᠢᠮ ᠰᠢᠷᠦᠭᠦᠨ ᠪᠤᠷᠤᠭᠠᠨ ᠳᠤ ᠳᠠᠭᠠᠷᠢᠭᠳᠠᠵᠤ᠂ ᠬᠡᠰᠡᠭ ᠪᠦᠰᠡ ᠨᠤᠲᠤᠭ ᠲᠤ ᠨᠢ ᠠᠶᠤᠩᠭ᠋᠎ᠠ ᠴᠠᠬᠢᠯᠬᠤ᠂ ᠰᠠᠯᠬᠢ ᠰᠠᠯᠬᠢᠯᠠᠬᠤ᠂ ᠮᠦᠨᠳᠦᠷ ᠤᠷᠤᠬᠤ ᠵᠡᠷᠭᠡ ᠰᠤᠯᠢᠭ ᠤᠷᠤᠰᠬᠠᠲᠤ ᠴᠠᠭ ᠠᠭᠠᠷ ᠳᠠᠭᠠᠯᠳᠤᠵᠤ ᠢᠯᠡᠷᠡᠭᠰᠡᠨ ᠪᠠᠶᠢᠨ᠎ᠠ᠃ ᠰᠢᠷᠦᠭᠦᠨ ᠪᠤᠷᠤᠭᠠᠨ ᠤᠷᠤᠭᠰᠠᠨ ᠡᠴᠡ ᠪᠤᠯᠵᠤ ᠾᠸᠨᠠᠨ᠂ ᠬᠤᠪᠸᠢ᠂ ᠴᠦ᠋ᠩᠴᠢᠩ᠂ ᠰᠸᠴᠤᠸᠠᠨ᠂ ᠭᠦᠢᠵᠸᠤ᠂ ᠶᠦᠨᠨᠡᠨ᠂ ᠱᠠᠨᠰᠢ ᠵᠡᠷᠭᠡ ᠪᠦᠰᠡ ᠨᠤᠲᠤᠭ ᠦᠶᠠᠷ ᠤᠰᠤ᠂ ᠰᠢᠪᠠᠷ ᠴᠢᠯᠠᠭᠤᠨ ᠤᠷᠤᠰᠬᠠᠯ᠂ ᠶᠡᠭᠦᠷᠡᠯᠲᠡ ᠪᠤᠯᠤᠨ ᠮᠦᠨᠳᠦᠷ ᠵᠡᠷᠭᠡ ᠭᠠᠮᠰᠢᠭ ᠲᠤ ᠳᠠᠭᠠᠷᠢᠭᠳᠠᠵᠠᠢ᠃

    11 ᠤ ᠡᠳᠦᠷ ᠤᠨ 9 ᠴᠠᠭ ᠪᠤᠯᠲᠠᠯ᠎ᠠ᠂ 7 ᠮᠤᠵᠢ ᠶᠢᠨ 59.6 ᠲᠦᠮᠡᠨ ᠬᠦᠮᠦᠨ ᠭᠠᠮᠰᠢᠭᠲᠠᠵᠤ᠂ 7 ᠬᠦᠮᠦᠨ ᠰᠤᠷᠠᠭ ᠲᠠᠰᠤᠷᠠᠪᠠ᠂ 6700 ᠰᠢᠬᠠᠮ ᠬᠦᠮᠦᠨ ᠢ ᠳᠠᠷᠤᠢ ᠲᠦᠷᠭᠡᠨ ᠰᠢᠯᠵᠢᠭᠦᠯᠤᠨ ᠲᠤᠬᠢᠷᠠᠭᠤᠯᠤᠬᠰᠠᠨ ᠪᠤᠯᠪᠠᠴᠤ 5200 ᠭᠠᠷᠤᠢ ᠬᠦᠮᠦᠨ ᠠᠮᠢᠳᠤᠷᠠᠯ ᠤᠨ ᠲᠡᠮᠵᠢᠯᠭᠡ ᠪᠠᠴᠢᠮ ᠱᠠᠭᠠᠷᠳᠠᠭᠳᠠᠵᠤ ᠪᠤᠢ᠃ 500 ᠭᠠᠷᠤᠢ ᠭᠡᠷ ᠪᠠᠶᠢᠰᠢᠩ ᠨᠤᠷᠠᠵᠤ 2700 ᠭᠠᠷᠤᠢ ᠲᠠᠰᠤᠯᠭ᠎ᠠ ᠭᠡᠷ ᠠᠳᠠᠯᠢ ᠪᠤᠰᠤ ᠬᠡᠮᠵᠢᠶᠡᠨ ᠳᠤ ᠡᠪᠳᠡᠭᠳᠡᠵᠠᠢ᠃ 27.7  ᠾᠸᠺᠲ᠋ᠠᠷ ᠲᠠᠯᠠᠪᠠᠢ ᠲᠠᠷᠢᠶᠠᠨ ᠭᠠᠵᠠᠷ ᠦᠶᠡᠷ ᠲᠤ ᠳᠠᠭᠠᠷᠢᠭᠳᠠᠵᠤ᠂ ᠡᠳ᠋ ᠤᠨ ᠵᠠᠰᠠᠭ ᠤᠨ ᠰᠢᠭᠤᠳ ᠬᠤᠬᠢᠷᠠᠯ 4.2 ᠳ᠋ᠦᠩᠰᠢᠭᠤᠷ ᠲᠦᠬᠦᠷᠢᠭ᠌ ᠲᠤ ᠬᠦᠷᠦᠭᠰᠡᠨ ᠪᠠᠶᠢᠨ᠎ᠠ᠃

    ᠡᠭᠦᠨ ᠳᠤ᠂ ᠴᠦᠩᠴᠢᠩ ᠬᠤᠲᠠ ᠳᠤ 4 ᠬᠦᠮᠦᠨ ᠡᠨᠳᠡᠵᠤ᠂ ᠰᠸᠴᠤᠸᠠᠨ ᠮᠤᠵᠢ ᠳᠤ 2 ᠬᠦᠮᠦᠨ ᠡᠨᠳᠡᠨ᠂ 7 ᠬᠦᠮᠦᠨ ᠰᠤᠷᠠᠭ ᠲᠠᠰᠤᠷᠠᠵᠠᠢ᠂ ᠶᠦᠨᠨᠡᠨ ᠮᠤᠵᠢ ᠳᠤ 2 ᠬᠦᠮᠦᠨ ᠡᠨᠳᠡᠭᠰᠡᠨ ᠪᠠᠶᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121649306