蒙古文网站Logo
ᠰᠢᠨᠬᠤᠸᠠ ᠮᠤᠩᠭ᠋ᠤᠯ ᠨᠧᠲ

《ᠱᠠᠩᠬᠠᠢ- ᠭᠠᠨᠰᠤ ᠴᠢᠭᠯᠡᠯ ᠳ᠋ᠡᠬᠢ ᠠᠭᠠᠷ ᠤᠨ ᠳᠤᠮᠤ ᠬᠤᠩᠬᠢᠯ》 ᠠᠰᠢᠭᠯᠠᠯᠳᠠ ᠳᠤ ᠤᠷᠤᠪᠠ

2017-09-15 11:42

    ᠰᠢᠨᠬᠤᠸᠠ ᠬᠤᠷᠢᠶ᠎ᠠ   ᠰᠢ ᠠᠨ ᠤ 9 ᠰᠠᠷ᠎ᠠ ᠶᠢᠨ 14 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠮᠤᠤ ᠬᠠᠢ ᠹᠸᠩ᠂ ᠵᠠᠩ ᠴᠸᠨ ᠵᠢᠶᠦ᠋ᠨ) ᠱᠠᠩᠬᠠᠢ ᠡᠴᠡ ᠭᠠᠨᠰᠤ ᠶᠢᠨ ᠯᠠᠨᠵᠸᠤ ᠬᠦᠷᠬᠦ《ᠱᠠᠩᠬᠠᠢ-ᠭᠠᠨᠰᠤ ᠴᠢᠭᠯᠡᠯ ᠳ᠋ᠡᠬᠢ ᠠᠭᠠᠷ ᠤᠨ ᠳᠤᠮᠤ ᠬᠤᠩᠬᠢᠯ》 ᠤ᠋ᠨ ᠲᠦᠰᠦᠯ 14 ᠤ ᠡᠳᠦᠷ ᠤᠨ ᠲᠡᠭ ᠴᠠᠭ ᠡᠴᠡ ᠡᠬᠢᠯᠡᠨ ᠠᠯᠪᠠᠨ ᠶᠤᠰᠤᠭᠠᠷ ᠠᠰᠢᠭᠯᠠᠯᠲᠠ ᠳᠤ ᠤᠷᠤᠪᠠ᠃ ᠡᠨᠡ ᠨᠢ ᠮᠠᠨ ᠤ ᠤᠯᠤᠰ ᠤᠨ ᠵᠡᠭᠦᠨᠰᠢ ᠪᠠᠷᠠᠭᠤᠨᠰᠢ ᠬᠤᠤᠰ ᠴᠢᠭᠯᠡᠯ ᠲᠠᠢ ᠬᠠᠮᠤᠭ ᠤᠨ ᠤᠷᠳᠤ ᠠᠴᠢᠶᠠᠨ ᠤ ᠠᠭᠠᠷ ᠠᠶᠠᠯᠠᠯ ᠤᠨ ᠱᠤᠭᠤᠮ ᠪᠤᠯᠵᠤ᠂ ᠤᠯᠤᠰ ᠳᠠᠶᠠᠭᠠᠷ ᠤᠨ 8 ᠮᠤᠵᠢ ᠨᠢᠭᠡ ᠬᠤᠲᠠ ᠪᠤᠯᠤᠨ 48 ᠨᠢᠰᠬᠦ ᠤᠩᠭ᠋ᠤᠴᠠᠨ ᠤ ᠪᠠᠭᠤᠳᠠᠯ ᠢ ᠬᠤᠯᠪᠤᠵᠠᠢ᠃

    ᠳᠤᠮᠳᠠᠳᠤ ᠤᠯᠤᠰ ᠤᠨ ᠢᠷᠭᠡᠨ ᠤ ᠠᠭᠠᠷ ᠠᠶᠠᠯᠠᠯ ᠤᠨ ᠲᠤᠪᠴᠢᠶᠠᠨ ᠤ ᠠᠭᠠᠷ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠲᠤᠪᠴᠢᠶ᠎ᠠ ᠡᠴᠡ ᠲᠠᠨᠢᠯᠴᠠᠭᠤᠯᠤᠭᠰᠠᠨ ᠢᠶᠡᠷ《ᠱᠠᠩᠬᠠᠢ-ᠭᠠᠨᠰᠤ ᠴᠢᠭᠯᠡᠯ ᠳ᠋ᠡᠬᠢ ᠠᠭᠠᠷ ᠤᠨ ᠳᠤᠮᠤ ᠬᠤᠩᠬᠢᠯ》 ᠤ᠋ᠨ ᠪᠦᠬᠦ ᠤᠷᠳᠤ ᠨᠢ 2000 ᠭᠠᠷᠤᠢ ᠺᠢᠯᠦᠮᠸᠲ᠋ᠷ᠂ ᠮᠠᠨ ᠤ ᠤᠯᠤᠰ ᠤᠨ ᠳᠤᠷᠤᠨᠠᠲᠤ᠂ ᠤᠮᠠᠷᠠᠲᠤ᠂ ᠳᠤᠮᠳᠠ ᠡᠮᠦᠨ᠎ᠠ ᠪᠦᠰᠡ ᠶᠢ ᠬᠤᠯᠪᠤᠵᠠᠢ᠃ ᠡᠨᠡᠬᠦ ᠲᠤᠮᠤ ᠬᠤᠩᠬᠢᠯ ᠳᠤ 6 ᠠᠭᠠᠷ ᠠᠶᠠᠯᠠᠯ ᠤᠨ ᠱᠤᠭᠤᠮ ᠢ ᠰᠢᠨ᠎ᠠ ᠪᠡᠷ ᠠᠰᠢᠭᠯᠠᠯᠳᠠ ᠳᠤ ᠤᠷᠤᠭᠤᠯᠤᠭᠰᠠᠨ ᠢᠶᠡᠷ ᠪᠦᠬᠦ ᠤᠷᠳᠤ ᠨᠢ 700 ᠭᠠᠷᠤᠢ ᠺᠢᠯᠦᠮᠸᠲ᠋ᠷ ᠲᠤ ᠬᠦᠷᠪᠡ᠃ ᠠᠭᠠᠷ ᠠᠶᠠᠯᠠᠯ ᠤᠨ 8 ᠱᠤᠭᠤᠮ ᠳᠤ ᠲᠤᠬᠢᠷᠠᠭᠤᠯᠤᠯᠲᠠ ᠬᠢᠵᠦ᠂ 5 ᠨᠢᠰᠬᠦ ᠤᠩᠭ᠋ᠤᠴᠠᠨ ᠤ ᠪᠠᠭᠤᠳᠠᠯ ᠤᠨ ᠨᠢᠰᠦᠯᠭᠡ ᠶᠢᠨ ᠶᠠᠪᠤᠴᠠ ᠶᠢ ᠰᠠᠶᠢᠵᠢᠷᠠᠭᠤᠯᠵᠤ᠂ ᠡᠨᠡ ᠨᠢ ᠲᠠᠪᠬᠤᠷᠳᠠᠭᠰᠠᠨ ᠲᠤᠭ᠎ᠠ ᠪᠡᠷ 2400 ᠭᠠᠷᠤᠢ ᠨᠢᠰᠦᠯᠭᠡ ᠳᠤ ᠬᠤᠯᠪᠤᠭᠳᠠᠨ᠂ ᠤᠯᠤᠰ ᠳᠠᠶᠠᠭᠠᠷ ᠤᠨ ᠬᠡᠮᠵᠢᠶᠡᠨ ᠳ᠋ᠡᠬᠢ ᠨᠢᠬᠡ ᠡᠳᠦᠷ ᠤᠨ ᠪᠦᠬᠦ ᠨᠢᠰᠦᠯᠭᠡ ᠶᠢᠨ 18.5% ᠶ᠋ᠢ ᠡᠵᠡᠯᠡᠪᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121669058