蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ ᠤᠨ ᠨᠡᠶᠢᠲᠠ ᠶᠢᠨ ᠳᠤᠭᠤᠢ ᠠᠮᠧᠷᠢᠺᠠ ᠶᠢᠨ ᠸᠠᠰᠢᠩᠲ᠋ᠤᠨ ᠳᠤ ᠬᠦᠷᠦᠯ᠎ᠠ

2017-09-21 10:29

    ᠸᠠᠰᠢᠩᠲ᠋ᠤᠨ ᠤ ᠢᠷᠭᠡᠳ 9 ᠰᠠᠷ᠎ᠠ ᠶᠢᠨ 20 ᠤ ᠡᠳᠦᠷ ᠡᠴᠡ ᠡᠬᠢᠯᠡᠨ ᠳᠤᠮᠳᠠᠳᠤ ᠤᠯᠤᠰ ᠤᠨ ᠨᠡᠶᠢᠲᠠ ᠶᠢᠨ ᠳᠤᠭᠤᠢ ᠶᠢᠨ ᠳᠦᠬᠦᠮ ᠳᠦᠲᠡ ᠶᠢ ᠡᠳ᠋ᠯᠡᠬᠦ ᠪᠤᠯᠤᠭᠰᠠᠨ ᠶᠤᠮ᠃ ᠠᠮᠧᠷᠢᠺᠠ ᠶᠢᠨ 《ᠸᠠᠰᠢᠩᠲ᠋ᠤᠨ ᠰᠢᠤᠳᠠᠨ ᠰᠣᠨᠢᠨ》 ᠤ 19 ᠤ ᠡᠳᠦᠷ ᠤᠨ ᠮᠡᠳᠡᠭᠡ ᠶᠢ ᠦᠨᠳᠤᠰᠦᠯᠡᠪᠡᠯ᠂ ᠨᠡᠶᠢᠲᠠ ᠶᠢᠨ ᠳᠤᠭᠤᠢ ᠬᠡᠷᠡᠭᠯᠡᠭᠴᠢᠳ ᠭᠠᠷ ᠤᠳᠠᠰᠤᠨ ᠳ᠋ᠠᠭᠠᠨ ᠬᠤᠯᠪᠤᠭᠳᠠᠯ ᠪᠦᠬᠦᠢAPP ᠪᠠᠭᠤᠯᠭᠠᠪᠡᠯ ᠪᠡᠶ᠎ᠠ ᠡᠴᠡ ᠪᠡᠨ ᠬᠠᠮᠤᠭ ᠤᠨ ᠤᠶᠢᠷᠠᠬᠠᠨ ᠪᠠᠶᠢᠭ᠎ᠠ ᠲᠤᠭᠤᠢ ᠶᠢ ᠬᠠᠶᠢᠨ ᠤᠯᠵᠤ ᠴᠢᠳᠠᠨ᠎ᠠ᠃ ᠤᠶᠢᠯᠠᠭᠠᠭᠰᠠᠨ ᠢᠶᠡᠷ᠂ ᠮᠦᠧᠧ ᠪᠠᠢ ᠺᠤᠮᠫᠠᠨᠢ ᠡᠬᠢᠨ ᠤ ᠡᠬᠡᠯᠵᠢ ᠳᠤ 200 ᠳᠤᠭᠤᠢ ᠶᠢ ᠳᠤᠰ ᠬᠦᠷᠦᠨ ᠳᠤ ᠤᠷᠤᠭᠤᠯᠵᠤ ᠠᠰᠢᠭᠯᠠᠭᠤᠯᠪᠠ᠂ ᠲᠦᠯᠦᠪᠦᠷᠢ ᠨᠢ ᠬᠠᠭᠠᠰ ᠴᠠᠭ ᠲᠤ ᠨᠢᠬᠡ ᠳ᠋ᠤᠯᠯᠠᠷ(ᠠᠷᠳ ᠤᠨ ᠵᠤᠭᠤᠰ ᠢᠶᠡᠷ ᠪᠠᠷᠤᠭ 6.6 ᠲᠦᠬᠦᠷᠢᠭ᠌)᠃

    2015 ᠤᠨ ᠳᠤ ᠪᠠᠶᠢᠭᠤᠯᠤᠭᠳᠠᠬᠰᠠᠨ ᠮᠦᠧᠧ ᠪᠠᠢ ᠲᠤᠭᠤᠢ ᠲᠡᠷᠭᠡᠨ ᠤ ᠺᠤᠮᠫᠠᠨᠢ ᠤᠳᠤ ᠪᠤᠯᠲᠠᠯ᠎ᠠ ᠨᠢᠬᠡᠨᠲᠠ ᠠᠩᠭ᠍ᠯᠢ᠂ ᠢᠲ᠋ᠠᠯᠢ᠂ ᠶᠠᠫᠤᠨ ᠵᠡᠷᠭᠡ 8 ᠤᠯᠤᠰ ᠤᠨ 180 ᠭᠠᠷᠤᠢ ᠬᠤᠲᠠ ᠳᠤ ᠲᠤᠭᠤᠢ ᠢᠶᠡᠨ ᠠᠰᠢᠬᠯᠠᠭᠤᠯᠤᠭᠰᠠᠨ ᠪᠠᠶᠢᠨ᠎ᠠ᠃ (ᠸᠠᠩ ᠢ ᠵᠢᠶᠦ᠋ᠨ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121700666