蒙古文网站Logo
ᠰᠢᠨᠬᠤᠸᠠ ᠮᠤᠩᠭ᠋ᠤᠯ ᠨᠧᠲ

ᠲᠦᠪ ᠤᠨ ᠡᠳ᠋ ᠤᠨ ᠵᠠᠰᠠᠭ ᠡᠴᠡ 5 ᠵᠢᠯ ᠤᠨ ᠬᠤᠭᠤᠴᠠᠭᠠᠨ ᠳᠤ ᠬᠦᠮᠦᠨ ᠤ ᠬᠦᠴᠦ ᠪᠡᠷ ᠴᠠᠭ ᠠᠭᠠᠷ ᠢ ᠲᠤᠬᠢᠷᠠᠭᠤᠯᠬᠤ ᠠᠵᠢᠯᠯᠠᠭ᠎ᠠ ᠳᠤ 11.66 ᠳ᠋ᠦᠩᠰᠢᠭᠤᠷ ᠲᠦᠬᠦᠷᠢᠭ᠌ ᠤᠨ ᠬᠦᠷᠦᠩᠭᠡ ᠤᠷᠤᠭᠤᠯᠤᠯᠲᠠ ᠬᠢᠪᠠ

2017-09-21 11:41

    2012-2017 ᠪᠤᠯᠲᠠᠯ᠎ᠠ᠂ ᠲᠦᠪ ᠤᠨ ᠡᠳ᠋ ᠤᠨ ᠵᠠᠰᠠᠭ ᠡᠴᠡ ᠬᠦᠮᠦᠨ ᠤ ᠬᠦᠴᠦ ᠪᠡᠷ ᠴᠠᠭ ᠠᠭᠠᠷ ᠢ ᠲᠤᠬᠢᠷᠠᠭᠤᠯᠬᠤ ᠠᠵᠢᠯᠯᠠᠭ᠎ᠠ ᠳᠤ ᠨᠡᠶᠢᠲᠡ 11.66 ᠳ᠋ᠦᠩᠰᠢᠭᠤᠷ ᠲᠦᠬᠦᠷᠢᠭ᠌ ᠤᠨ ᠬᠦᠷᠦᠩᠭᠡ ᠤᠷᠤᠭᠤᠯᠤᠯᠲᠠ ᠬᠢᠪᠠ᠃ ᠡᠭᠦᠨ ᠳᠤ᠂ 2017 ᠤᠨ ᠳᠤ 2.06 ᠳ᠋ᠦᠩᠰᠢᠭᠤᠷ ᠲᠦᠬᠦᠷᠢᠭ᠌ ᠬᠦᠷᠦᠩᠭᠡ ᠤᠷᠤᠭᠤᠯᠵᠤ᠂ ᠡᠯ᠎ᠠ ᠵᠡᠷᠭᠡᠯᠡᠯ ᠤᠨ ᠪᠦᠰᠡ ᠨᠤᠲᠤᠭ ᠤᠨ ᠡᠳ᠋ ᠤᠨ ᠵᠠᠰᠠᠭ ᠤᠨ ᠬᠦᠷᠦᠩᠭᠡ ᠤᠷᠤᠭᠤᠯᠤᠯᠲᠠ 76.44 ᠳ᠋ᠦᠩᠰᠢᠭᠤᠷ ᠲᠦᠬᠦᠷᠢᠭ᠌ ᠢ ᠳᠠᠶᠢᠴᠢᠯᠠᠵᠠᠢ᠃

    ᠲᠦᠪ ᠤᠨ ᠡᠳ᠋ ᠤᠨ ᠵᠠᠰᠠᠬ ᠤᠨ ᠬᠦᠴᠦᠲᠠᠢ ᠪᠠᠲᠤᠯᠠᠭ᠎ᠠ  ᠲᠤᠤᠷ᠎ᠠ ᠮᠠᠨ ᠤ ᠤᠯᠤᠰ ᠤᠨ ᠬᠦᠮᠦᠨ ᠤ ᠬᠦᠴᠦ ᠪᠡᠷ ᠴᠠᠭ ᠠᠭᠠᠷ ᠢ ᠲᠤᠬᠢᠷᠠᠭᠤᠯᠬᠤ ᠠᠵᠢᠯᠯᠠᠭ᠎ᠠ ᠲᠠᠷᠢᠶᠠᠯᠠᠩ ᠦᠢᠯᠡᠳᠪᠦᠷᠢᠯᠡᠯ ᠳᠤ ᠦᠢᠯᠡᠴᠢᠯᠡᠬᠦ᠂ ᠠᠮᠢ ᠠᠬᠤᠢ ᠶᠢᠨ ᠰᠡᠷᠭᠦᠬᠡᠨ ᠵᠠᠰᠠᠯᠲᠠ ᠶᠢ ᠠᠬᠢᠭᠤᠯᠬᠤ᠂ ᠤᠰᠤᠨ ᠤ ᠡᠬᠢ ᠪᠠᠶᠠᠯᠢᠭ ᠲᠤᠲᠠᠭᠲᠠᠬᠤ ᠶᠢ ᠨᠠᠮᠳᠠᠭᠠᠬᠤ᠂ ᠭᠠᠮᠰᠢᠭ ᠢ ᠰᠡᠷᠭᠡᠶᠢᠯᠡᠵᠤ ᠭᠠᠮᠰᠢᠭ ᠢ ᠪᠠᠭᠠᠰᠬᠠᠬᠤ ᠪᠤᠯᠤᠨ ᠬᠦᠨᠲᠤ ᠴᠢᠬᠤᠯᠠ ᠠᠵᠢᠯᠯᠠᠭ᠎᠎ᠠ ᠳᠤ ᠴᠠᠭ ᠠᠭᠠᠷ ᠤᠨ ᠪᠠᠶᠢᠳᠠᠯ ᠢ ᠪᠠᠲᠤᠯᠠᠬᠤ ᠵᠡᠷᠭᠡ ᠲᠠᠯ᠎ᠠ ᠪᠡᠷ ᠴᠢᠬᠤᠯᠠ ᠦᠢᠯᠡᠳᠦᠯ ᠪᠠᠳᠠᠷᠠᠭᠤᠯᠵᠤ ᠪᠤᠢ᠃

    ᠲᠤᠭ᠎ᠠ ᠪᠦᠷᠢᠳᠭᠡᠯ ᠳᠤ ᠢᠯᠡᠷᠡᠭᠰᠡᠨ ᠢᠶᠡᠷ᠂ ᠰᠡᠭᠦᠯ ᠤᠨ 5 ᠵᠢᠯ ᠳᠤ᠂ ᠬᠦᠮᠦᠨ ᠤ ᠬᠦᠴᠦ ᠪᠡᠷ ᠴᠠᠭ ᠠᠭᠠᠷ ᠢ ᠲᠤᠬᠢᠷᠠᠭᠤᠯᠬᠤ ᠠᠵᠢᠯᠯᠠᠭ᠎ᠠ ᠨᠢ ᠡᠭᠦᠯᠡᠨ ᠳᠡᠬᠢ ᠤᠰᠤᠨ ᠤ ᠡᠬᠢ ᠰᠤᠷᠪᠤᠯᠵᠢ ᠶᠢ ᠵᠤᠬᠢᠰᠲᠠᠢ ᠨᠡᠭᠡᠭᠡᠨ ᠠᠰᠢᠭᠯᠠᠭᠰᠠᠨ ᠢᠶᠡᠷ ᠬᠠᠷᠠᠯᠲᠠᠲᠤ ᠪᠦᠰᠡ ᠨᠤᠲᠤᠭ ᠲᠤ ᠬᠤᠷ᠎ᠠ ᠲᠤᠨᠳᠠᠰᠤ ᠪᠠᠭᠤᠬᠤ ᠶᠢ ᠡᠯᠪᠡᠭ᠍ᠰᠢᠭᠦᠯᠵᠤ᠂ ᠨᠡᠶᠢᠲᠡ 2335 ᠳ᠋ᠦᠩᠰᠢᠭᠤᠷ ᠺᠦᠪ ᠮᠸᠲ᠋ᠷ ᠲᠤᠨᠳᠠᠰᠤ ᠪᠠᠭᠤᠯᠭᠠᠵᠤ ᠡᠨᠡ ᠨᠢ 3 ᠬᠦᠬᠡᠨᠠᠭᠤᠷ ᠤᠨ ᠪᠠᠭᠲᠠᠭᠠᠮᠵᠢ ᠲᠠᠢ ᠲᠡᠩᠴᠡᠨ᠎ᠠ᠃ ᠮᠦᠨᠳᠦᠷ ᠡᠴᠠ ᠰᠡᠷᠭᠡᠶᠢᠯᠡᠬᠦ ᠠᠵᠢᠯ ᠤᠨ ᠬᠠᠮᠠᠭᠠᠯᠠᠯᠲᠠ ᠶᠢᠨ ᠲᠠᠯᠠᠪᠠᠢ 58.6 ᠲᠦᠮᠡᠨ ᠺᠦᠸᠠᠳ᠋ ᠺᠢᠯᠦᠮᠸᠲ᠋ᠷ ᠬᠦᠷᠦᠭᠰᠡᠨ ᠪᠠᠶᠢᠨ᠎ᠠ᠃ ᠭᠠᠩ ᠡᠴᠡ ᠰᠡᠷᠭᠡᠶᠢᠯᠡᠵᠤ ᠭᠠᠮᠰᠢᠭ ᠢ ᠪᠠᠭᠠᠰᠬᠠᠬᠤ᠂ ᠠᠮᠢ ᠠᠬᠤᠢ ᠶᠢ ᠰᠡᠷᠭᠦᠭᠡᠬᠦ᠂ ᠴᠦᠬᠦᠷᠦᠮ ᠳᠤ ᠤᠰᠤ ᠬᠠᠳᠠᠭᠠᠯᠠᠬᠤ᠂ ᠤᠢ ᠰᠢᠭᠤᠢ ᠶᠢᠨ ᠲᠦᠢᠮᠡᠷ ᠢ ᠰᠡᠷᠭᠡᠶᠢᠯᠡᠬᠦ᠂ ᠶᠠᠳᠠᠭᠤ ᠶᠢ ᠲᠡᠳᠭᠦᠵᠤ ᠨᠡᠭᠡᠭᠡᠯᠲᠠ ᠬᠢᠬᠦ ᠵᠡᠷᠭᠡ ᠲᠠᠯ᠎ᠠ ᠳᠤ ᠦᠢᠯᠡᠴᠢᠯᠡᠳᠡᠭ᠃

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121701285