蒙古文网站Logo
ᠰᠢᠨᠬᠤᠸᠠ ᠮᠤᠩᠭ᠋ᠤᠯ ᠨᠧᠲ

ᠲᠤᠮᠲᠠᠲᠤ ᠮᠤᠩᠭᠤᠯ ᠤᠨ ᠬᠤᠶᠠᠲᠤᠭᠠᠷ ᠬᠤᠭᠤᠴᠠᠭᠠᠨ ᠤ ᠦᠵᠡᠰᠬᠦᠯᠡᠩ ᠤᠨ ᠨᠡᠬᠡᠬᠡᠯᠲᠡ ᠶᠢᠨ ᠤᠷᠠᠨ ᠰᠠᠶᠢᠬᠠᠨ ᠤ ᠦᠲᠡᠰᠢᠯᠡᠭᠡ ᠨᠢᠵᠢᠭᠡᠷ ᠰᠠᠶᠢᠬᠠᠨ ᠶᠠᠪᠤᠭᠲᠠᠯ᠎ᠠ

2017-09-26 11:20

    ᠰᠢᠨᠬᠤᠧᠠ ᠮᠤᠩᠭᠤᠯ ᠨᠧᠲ  ᠬᠦᠬᠡᠬᠤᠲᠠ ᠶᠢᠨ 9 ᠰᠠᠷ᠎ᠠ ᠶᠢᠨ 25 ᠤ ᠡᠲᠦᠷ ᠤᠨ ᠴᠠᠬᠢᠯᠭᠠᠨ ᠮᠡᠲᠡᠭᠡ ( ᠬ •ᠦᠵᠡᠰᠭᠦᠯᠡᠩ ) ᠲᠤᠮᠲᠠᠲᠤ ᠮᠤᠩᠭᠤᠯ ᠤᠨ ᠬᠤᠶᠠᠲᠤᠭᠠᠷ ᠬᠤᠭᠤᠴᠠᠭᠠᠨ ᠤ ᠦᠵᠡᠰᠬᠦᠯᠡᠩ ᠤᠨ ᠨᠡᠬᠡᠬᠡᠯᠲᠡ ᠶᠢᠨ ᠶᠤᠰᠤᠯᠠᠯ ᠤᠨ ᠤᠷᠠᠨ ᠰᠠᠶᠢᠬᠠᠨ ᠤ ᠦᠲᠡᠰᠢᠯᠡᠭᠡ 25 ᠤ ᠤᠷᠤᠢ ᠬᠦᠬᠡᠬᠤᠲᠠ ᠶᠢᠨ ᠤᠯᠠᠭᠠᠨ ᠲᠢᠶᠠᠲ᠋ᠷ ᠲᠤ ᠨᠢᠵᠢᠭᠡᠷ ᠰᠠᠶᠢᠬᠠᠨ ᠪᠤᠯᠵᠤ ᠦᠩᠭᠡᠷᠡᠪᠡ᠃

    ᠤᠷᠠᠨ ᠰᠠᠶᠢᠬᠠᠨ ᠤ ᠦᠲᠡᠰᠢᠯᠡᠭᠡ ᠨᠢ《ᠴᠡᠩᠭᠡᠯ ᠪᠠᠶᠠᠷᠲᠦ ᠲᠠᠭᠤ ᠪᠦᠵᠢᠭ》 ᠢᠶᠡᠷ ᠤᠷᠤᠰᠢᠯ ᠤᠶᠠᠩᠭ᠎ᠠ ᠪᠤᠯᠭᠠᠨ᠂ 《ᠦᠨᠢ ᠮᠦᠩᠬᠡ ᠶᠢᠨ ᠬᠠᠶᠢᠷ᠎ᠠ》᠂《ᠢᠵᠢᠯ ᠬᠦᠰᠡᠯᠡᠩ》᠂《ᠢᠷᠡᠭᠡᠲᠦᠢ ᠵᠦᠭ》ᠬᠡᠮᠡᠬᠦ ᠭᠤᠷᠪᠠᠨ ᠪᠦᠯᠦᠭ ᠤᠨ ᠲᠤᠭᠤᠷᠢᠨ ᠳ᠋ᠤ ᠲᠤᠮᠲᠠᠲᠤ᠂ ᠮᠤᠩᠭᠤᠯ᠂ ᠤᠷᠤᠰ ᠭᠤᠷᠪᠠᠨ ᠤᠯᠤᠰ ᠤᠨ ᠤᠷᠠᠨ ᠪᠦᠲᠦᠭᠡᠯᠴᠢᠳ ᠡᠴᠡ ᠠᠶ᠎ᠠ ᠲᠠᠭᠤᠤ᠂ ᠬᠤᠭᠤᠷ ᠬᠦᠭ᠍ᠵᠢᠮ᠂ ᠤᠷᠠᠨ ᠪᠦᠵᠢᠭ᠌ ᠢᠶᠡᠨ ᠦᠵᠡᠭᠴᠢᠳ ᠤᠯᠠᠨ ᠳ᠋ᠠᠭᠠᠨ ᠰᠤᠨᠢᠷᠬᠠᠭᠤᠯᠵᠤ᠂ ᠦᠨᠳᠦᠰᠦᠲᠡᠨ ᠤ ᠤᠨᠴᠠᠯᠢᠭ ᠲᠤᠪᠤᠶᠢᠮ᠎ᠠ᠂ ᠭᠤᠷᠪᠠᠨ ᠤᠯᠤᠰ ᠤᠨ ᠢᠷᠭᠡᠳ ᠤᠨ ᠨᠠᠶᠢᠷᠰᠠᠭ ᠰᠡᠳᠬᠢᠯᠭᠡ ᠶᠢ ᠭᠦᠨᠵᠡᠭᠡᠢ ᠬᠠᠷᠠᠭᠤᠯᠵᠠᠢ᠃

    ᠤᠶᠢᠯᠠᠭᠠᠭᠰᠠᠨ ᠢᠶᠡᠷ᠂ ᠡᠨᠡᠬᠦ ᠤᠷᠠᠨ ᠰᠠᠶᠢᠬᠠᠨ ᠤ ᠦᠲᠡᠰᠢᠯᠡᠭᠡ ᠨᠢ ᠲᠤᠮᠲᠠᠲᠤ ᠮᠤᠩᠭᠤᠯ ᠤᠨ ᠬᠤᠶᠠᠲᠤᠭᠠᠷ ᠬᠤᠭᠤᠴᠠᠭᠠᠨ ᠤ ᠦᠵᠡᠰᠬᠦᠯᠡᠩ ᠤᠨ ᠭᠠᠷᠠᠭ ᠤᠨ ᠠᠵᠢᠯᠯᠠᠭᠠᠨ ᠤ ᠴᠢᠬᠤᠯᠠ ᠨᠢᠭᠡ ᠠᠭᠤᠯᠭ᠎ᠠ ᠪᠤᠯᠤᠨ᠎ᠠ᠃ ᠡᠭᠦᠨ ᠡᠴᠡ ᠭᠠᠲᠠᠨ᠎ᠠ ᠭᠠᠷᠠᠭ ᠤᠨ ᠠᠵᠢᠯᠯᠠᠭᠠᠨ ᠳ᠋ᠤ 《ᠲᠠᠯ᠎ᠠ ᠶᠢᠨ ᠪᠤᠯᠵᠤᠭ᠎ᠠ》ᠠᠩᠬᠠᠲᠤᠭᠠᠷ ᠬᠤᠭᠤᠴᠠᠭᠠᠨ ᠤ ᠤᠯᠠᠨ ᠤᠯᠤᠰ ᠤᠨ ᠨᠡᠭᠦᠲᠡᠯ ᠰᠤᠶᠤᠯ ᠤᠨ ᠲᠠᠭᠤᠤ ᠬᠦᠭ᠍ᠵᠢᠮ ᠤᠨ ᠨᠠᠶᠢᠷ᠂ ᠬᠤᠶᠠᠲᠤᠭᠠᠷ ᠬᠤᠭᠤᠴᠠᠭᠠᠨ ᠤ ᠲᠤᠮᠲᠠᠲᠤ ᠤᠯᠤᠰ • ᠤᠯᠠᠨ ᠤᠯᠤᠰ ᠤᠨ ᠮᠤᠩᠭᠤᠯ ᠪᠦᠵᠢᠭ ᠤᠨ ᠤᠷᠤᠯᠲᠤᠭᠠᠨ᠂ 《ᠲᠤᠷᠭᠠᠨ ᠤ ᠵᠠᠮ •  ᠤᠯᠠᠨ ᠤᠯᠤᠰ ᠤᠨ ᠤᠶᠤᠲᠠᠳ ᠤᠨ ᠬᠦᠯ ᠪᠦᠮᠪᠦᠭᠡ ᠶᠢᠨ ᠨᠦᠬᠦᠷᠰᠡᠭ ᠲᠡᠮᠡᠴᠡᠭᠡᠨ》᠂ ᠲᠤᠮᠲᠠᠲᠤ ᠮᠤᠩᠭᠤᠯ ᠤᠷᠤᠰ ᠤᠨ ᠲᠤᠭᠤᠢ ᠲᠡᠷᠭᠡᠨ ᠤ ᠤᠷᠢᠯᠭ᠎ᠠ ᠶᠢᠨ ᠤᠷᠤᠯᠲᠤᠭᠠᠨ ᠵᠡᠷᠭᠡ ᠠᠵᠢᠯᠯᠠᠭ᠎ᠠ ᠨᠤᠭᠤᠳ ᠢ ᠵᠤᠬᠢᠶᠠᠨ ᠪᠠᠶᠢᠭᠤᠯᠬᠤ ᠪᠤᠯᠤᠨ᠎ᠠ᠃ (ᠵᠢᠷᠤᠭ ᠢ ᠦᠪᠦᠷ ᠮᠤᠩᠭᠤᠯ ᠤᠨ ᠡᠲᠦᠷ ᠤᠨ ᠰᠤᠨᠢᠨ ᠤ ᠰᠤᠷᠪᠤᠯᠵᠢᠯᠠᠭᠴᠢ ᠴᠢᠮᠪᠠᠢ᠂ ᠢᠦᠢ ᠲᠤᠤ᠂ ᠮᠠ ᠵᠢᠶᠠᠨ ᠴᠢᠤᠧᠠᠨ ) 

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121725608