蒙古文网站Logo
ᠰᠢᠨᠬᠤᠸᠠ ᠮᠤᠩᠭ᠋ᠤᠯ ᠨᠧᠲ

ᠤᠯᠤᠰ ᠤᠨ ᠪᠠᠶᠠᠷ ᠤᠨ ᠠᠮᠠᠷᠠᠯᠳᠠ ᠶᠢᠨ ᠦᠶ᠎ᠡ ᠪᠡᠷ ᠳᠤᠰᠤᠨ ᠤ ᠦᠨ᠎ᠡ ᠦᠰᠬᠦ ᠪᠤᠯᠤᠮᠵᠢ ᠲᠠᠢ

2017-09-27 16:50

    ᠰᠤᠷᠪᠤᠯᠵᠢᠯᠠᠭᠴᠢ ᠨᠡᠯᠢᠶᠡᠳ ᠬᠡᠳᠦᠨ ᠨᠡᠶᠢᠬᠡᠮ ᠤᠨ ᠬᠢᠨᠠᠨ ᠬᠡᠮᠵᠢᠯᠳᠡ ᠶᠢᠨ ᠪᠠᠶᠢᠭᠤᠯᠤᠮᠵᠢ ᠡᠴᠡ ᠤᠶᠢᠯᠠᠭᠠᠭᠰᠠᠨ ᠢᠶᠡᠷ᠂ ᠤᠶᠢᠷ᠎ᠠ ᠶᠢᠨ ᠬᠤᠭᠤᠴᠠᠭᠠᠨ ᠳᠡᠬᠢ ᠤᠯᠠᠨ ᠤᠯᠤᠰ ᠤᠨ ᠳᠦᠬᠦᠬᠡᠢ ᠳᠤᠰᠤᠨ ᠤ ᠵᠠᠬ᠎ᠠ ᠵᠡᠬᠡᠯᠢ ᠳᠤᠭᠳᠠᠪᠤᠷᠢ ᠦᠬᠡᠢ ᠡᠴᠡ ᠰᠢᠯᠳᠠᠭᠠᠯᠠᠨ 9 ᠰᠠᠷ᠎ᠠ ᠶᠢᠨ 29 ᠡᠴᠡ ᠡᠬᠢᠯᠡᠨ ᠤᠯᠤᠰ ᠤᠨ ᠳᠤᠳᠤᠭᠠᠳᠤ ᠶᠢᠨ ᠡᠳ᠋ᠰᠢᠬᠦᠯᠦᠭᠰᠡᠨ ᠳᠤᠰᠤᠨ ᠤ ᠦᠨ᠎ᠡ ᠲᠤᠨ ᠪᠦᠷᠢ ᠳ᠋ᠡᠬᠡᠨ 130 ᠭᠠᠷᠤᠢ ᠳᠦᠬᠦᠷᠢᠭ᠌ ᠦᠰᠬᠦ ᠪᠤᠯᠤᠮᠵᠢ ᠲᠠᠢ᠃

    ᠪᠡᠬᠡᠵᠢᠩ ᠤᠨ ᠴᠠᠭ ᠢᠶᠡᠷ 9 ᠰᠠᠷ᠎ᠠ ᠶᠢᠨ 23 ᠤ ᠡᠳᠦᠷ ᠤᠨ ᠰᠤᠯᠢᠯᠴᠠᠭ᠎ᠠ ᠬᠠᠭᠠᠭᠳᠠᠳᠠᠯ᠎ᠠ WTI ᠶᠢᠨ 11 ᠰᠠᠷ᠎ᠠ ᠳᠤ ᠳᠠᠰᠤᠯᠤᠨ ᠳᠤᠭᠠᠴᠠᠭᠠᠯᠠᠭᠰᠠᠨ ᠳᠦᠬᠦᠬᠡᠢ ᠳᠤᠰᠤᠨ ᠤ ᠬᠦᠯᠢᠶᠡᠯᠳᠡ ᠬᠤᠳᠠᠯᠳᠤᠭᠠᠨ ᠤ ᠦᠨ᠎ᠡ 0.11 ᠳ᠋ᠤᠯᠯᠠᠷ ᠪᠤᠶᠤ 0.22% ᠢᠶᠡᠷ ᠦᠰᠦᠭᠰᠡᠨ ᠪᠤᠯ᠂ OIL ᠶᠢᠨ 11 ᠰᠠᠷ᠎ᠠ ᠳᠤ ᠳᠠᠰᠤᠯᠤᠨ ᠳᠤᠭᠠᠴᠠᠭᠠᠯᠠᠭᠰᠠᠨ ᠳᠦᠬᠦᠬᠡᠢ ᠳᠤᠰᠤᠨ ᠤ ᠬᠦᠯᠢᠶᠡᠯᠳᠡ ᠬᠤᠳᠠᠯᠳᠤᠭᠠᠨ ᠤ ᠦᠨ᠎ᠡ ᠮᠦᠨ 0.43 ᠳ᠋ᠤᠯᠯᠠᠷ ᠪᠤᠶᠤ 0.76% ᠢᠶᠡᠷ ᠦᠰᠴᠠᠢ᠃ 25 ᠤ ᠡᠳᠦᠷ ᠪᠤᠯᠳᠠᠯ᠎ᠠ᠂ ᠳᠦᠬᠦᠬᠡᠢ ᠳᠤᠰᠤᠨ ᠤ ᠳᠤᠮᠳᠠᠴᠢ ᠦᠨ᠎ᠡ ᠰᠠᠪᠠ ᠪᠦᠷᠢ ᠳ᠋ᠡᠬᠡᠨ 53.83 ᠳ᠋ᠤᠯᠯᠠᠷ ᠬᠦᠷᠴᠠᠢ᠃ ᠡᠶᠢᠮᠤ ᠳᠤ᠂ ᠳᠦᠰᠦᠬᠡᠯᠡᠵᠤ ᠪᠠᠶᠢᠭ᠎ᠠ ᠪᠡᠷ ᠬᠠᠷᠠᠭᠠᠯᠵᠠᠭᠰᠠᠨ ᠴᠠᠶᠢᠶ᠊ᠢᠤ ᠴᠢᠶ᠊ᠢᠤ ᠶᠢᠨ ᠦᠨ᠎ᠡ ᠲᠤᠨ ᠪᠦᠷᠢ ᠳ᠋ᠡᠬᠡᠨ 137 ᠳᠦᠬᠦᠷᠢᠭ᠌ ᠪᠡᠷ ᠦᠰᠬᠦ ᠪᠤᠯᠤᠮᠵᠢ ᠲᠠᠢ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121733880