蒙古文网站Logo
ᠰᠢᠨᠬᠤᠸᠠ ᠮᠤᠩᠭ᠋ᠤᠯ ᠨᠧᠲ

ᠰᠸᠴᠤᠸᠠᠨ ᠤ ᠴᠢᠩᠴᠤᠸᠠᠨ ᠰᠢᠶᠠᠨ ᠳᠤ 5.4 ᠳᠡᠰ ᠤᠨ ᠭᠠᠵᠠᠷ ᠬᠦᠳᠡᠯᠦᠯᠲᠠ ᠡᠭᠦᠰᠪᠡ

2017-10-01 14:39

    ᠰᠢᠨᠬᠤᠸᠠ ᠬᠤᠷᠢᠶ᠎ᠠ   ᠴᠸᠩᠳᠦ᠋ ᠶᠢᠨ 9 ᠰᠠᠷ᠎ᠠ ᠶᠢᠨ 30 ᠤ ᠡᠳᠦᠷ ᠤᠨ ᠴᠠᠬᠢᠯᠭᠠᠨ ᠮᠡᠳᠡᠭᠡ ( ᠰᠤᠷᠪᠤᠯᠵᠢᠯᠠᠭᠴᠢ ᠰᠢᠶᠧ ᠵᠢᠶᠤᠤ᠂ ᠰᠢᠶᠤᠤ ᠶᠦᠩ ᠬᠠᠩ) 9 ᠰᠠᠷ᠎ᠠ ᠶᠢᠨ 30 ᠤ ᠡᠳᠦᠷ ᠤᠨ 14᠄ 14 ᠴᠠᠭ ᠲᠤ ᠰᠸᠴᠤᠸᠠᠨ ᠮᠤᠵᠢ ᠶᠢᠨ ᠭᠤᠸᠠᠩ ᠶᠤᠸᠠᠨ ᠬᠤᠲᠠ ᠶᠢᠨ ᠴᠢᠩᠴᠤᠸᠠᠨ ᠰᠢᠶᠠᠨ ᠳᠤ 5.4ᠳᠡᠰ ᠤᠨ ᠭᠠᠵᠠᠷ ᠬᠦᠳᠡᠯᠦᠯᠲᠠ ᠡᠭᠦᠰᠴᠤ᠂ ᠰᠸᠴᠤᠸᠠᠨ ᠮᠤᠵᠢ ᠶᠢᠨ ᠶᠡᠬᠡᠩᠬᠢ ᠪᠦᠰᠡ ᠨᠤᠲᠤᠭ ᠲᠤ ᠲᠤᠷᠭᠢᠯᠲᠠ ᠶᠡᠬᠡ ᠪᠠᠶᠢᠪᠠ᠃

    ᠰᠤᠷᠪᠤᠯᠵᠢᠯᠠᠭᠴᠢ ᠴᠸᠩᠳ᠋ᠦ᠋ ᠶᠢᠨ ᠲᠠᠮᠤᠷ ᠵᠠᠮ ᠤᠨ ᠲᠤᠪᠴᠢᠶ᠎ᠠ ᠡᠴᠡ ᠤᠶᠢᠯᠠᠭᠠᠭᠰᠠᠨ ᠢᠶᠡᠷ᠂ ᠭᠠᠵᠠᠷ ᠭᠦᠳᠡᠯᠦᠯᠲᠠ ᠡᠭᠦᠰᠦᠭᠰᠡᠨ ᠤ ᠳᠠᠷᠠᠭ᠎ᠠ᠂ ᠴᠸᠩᠳ᠋ᠦ᠋ ᠶᠢᠨ ᠲᠠᠮᠤᠷ ᠵᠠᠮ ᠤᠨ ᠲᠤᠪᠴᠢᠶ᠎ᠠ ᠡᠴᠡ ᠪᠤᠤ ᠵᠢᠢ - ᠴᠸᠩᠳᠦ᠋ ᠴᠢᠭᠯᠡᠯ ᠤᠨ ᠲᠠᠮᠤᠷ ᠵᠠᠮ ᠤᠨ ᠴᠸᠩᠳᠦ᠋ ᠡᠴᠡ ᠭᠤᠸᠠᠩ ᠶᠤᠸᠠᠨ ᠬᠦᠷᠬᠦ ᠬᠡᠰᠡᠭ᠂ ᠴᠸᠩᠳᠦ᠋ - ᠮᠢᠶᠠᠨ ᠶᠠᠩ - ᠯᠸ ᠱᠠᠨ ᠴᠢᠭᠯᠡᠯ ᠤᠨ ᠲᠡᠮᠤᠷ ᠵᠠᠮ ᠤᠨ ᠴᠸᠩᠳᠦ᠋ ᠵᠡᠭᠦᠨ ᠦᠷᠲᠡᠭᠡ ᠡᠴᠡ ᠵᠢᠶᠠᠩ ᠶᠦ ᠬᠦᠷᠬᠦ ᠬᠡᠰᠡᠭ ᠤᠨ ᠪᠦᠬᠦᠶᠢᠯᠡ ᠭᠠᠯᠲᠤ ᠲᠡᠷᠭᠡ ᠶᠢ ᠳᠠᠷᠤᠢ ᠲᠦᠷᠭᠡᠨ ᠵᠤᠭᠰᠤᠭᠠᠭᠰᠠᠨ ᠢᠶᠡᠷ ᠪᠠᠷᠠᠬᠤ ᠦᠭᠡᠢ ᠴᠸᠩᠳ᠋ᠦ᠋ ᠡᠴᠡ ᠴᠦ᠋ᠩᠴᠢᠩ ᠬᠦᠷᠬᠦ ᠬᠤᠷᠳᠤᠨ ᠤ ᠭᠠᠯᠲᠤ ᠲᠡᠷᠭᠡ ᠶᠢ ᠴᠤ ᠪᠦᠬᠦ ᠱᠤᠭᠤᠮ ᠳᠤ ᠠᠶᠠᠯᠠᠯ ᠵᠤᠭᠰᠤᠭᠠᠪᠠ᠃ ᠤᠳᠤᠬᠠᠨ ᠳᠤ ᠲᠡᠮᠦᠷ ᠵᠠᠮ ᠤᠨ ᠰᠠᠯᠠᠭ᠎ᠠ ᠮᠦᠴᠢᠷ ᠬᠠᠮᠢᠶ᠎ᠠ ᠪᠦᠬᠦᠢ ᠢ ᠬᠦᠮᠦᠰ ᠢ ᠵᠤᠬᠢᠶᠠᠨ ᠪᠠᠶᠢᠭᠤᠯᠵᠤ ᠲᠤᠨᠤᠭ ᠲᠦᠬᠦᠬᠡᠲᠦᠮᠵᠢ ᠳᠤ ᠪᠠᠶᠢᠴᠠᠭᠠᠯᠲᠠ ᠬᠢᠵᠤ ᠪᠤᠢ᠃

    ᠡᠭᠦᠨ ᠡᠴᠡ ᠭᠠᠳᠠᠠ᠎ᠠ᠂ ᠲᠤᠬᠠᠢ ᠶᠢᠨ ᠪᠦᠰᠡ ᠨᠤᠲᠤᠭ ᠤᠨ ᠳᠤᠷᠬᠢᠯᠲᠠ ᠶᠢᠨ ᠪᠠᠶᠢᠳᠠᠯ ᠢᠯᠡᠷᠭᠡᠢ ᠪᠤᠯᠪᠠᠴᠤ ᠰᠤᠷᠪᠤᠯᠵᠢᠯᠠᠭᠴᠢ ᠮᠡᠳᠡᠭᠡ ᠨᠡᠶᠢᠲᠡᠯᠡᠬᠦ ᠬᠦᠷᠲᠠᠯ᠎ᠠ ᠲᠤᠬᠠᠢ ᠶᠢᠨ ᠪᠦᠰᠡ ᠨᠤᠲᠤᠭ ᠤᠨ ᠬᠦᠮᠦᠨ ᠡᠨᠳᠡᠵᠤ ᠰᠢᠷᠬᠠᠳᠤᠭᠰᠠᠨ ᠦᠭᠡᠢ᠂ ᠬᠤᠬᠢᠷᠠᠵᠤ ᠡᠪᠳᠡᠭᠳᠡᠭᠰᠡᠨ ᠪᠠᠶᠢᠳᠠᠯ ᠢ ᠶᠠᠭ ᠪᠠᠶᠢᠴᠠᠭᠠᠨ ᠲᠤᠳᠤᠯᠠᠵᠤ ᠪᠤᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121755887