蒙古文网站Logo
ᠰᠢᠨᠬᠤᠸᠠ ᠮᠤᠩᠭ᠋ᠤᠯ ᠨᠧᠲ

ᠤᠯᠤᠰ ᠤᠨ ᠪᠠᠶᠠᠷ ᠤᠨ ᠠᠮᠠᠷᠠᠯᠲᠠ ᠳᠤ ᠬᠢᠯᠢ ᠲᠠᠪᠠᠬᠤ ᠵᠢᠭᠤᠯᠴᠢᠳ ᠤᠷᠢᠳᠴᠢᠯᠠᠨ ᠲᠤᠭᠠᠴᠠᠭᠠᠯᠠᠭᠰᠠᠨ ᠢᠶᠡᠷ ᠳᠠᠪᠬᠤᠷᠳᠠᠭᠰᠠᠨ ᠲᠤᠭ᠎ᠠ ᠪᠡᠷ 600 ᠲᠦᠮᠡ ᠳᠤ ᠬᠦᠷᠦᠨ᠎ᠠ

2017-10-02 12:10

    ᠵᠠᠰᠠᠠᠯ ᠵᠠᠮ ᠢᠶᠡᠷ ᠤᠷᠢᠳᠴᠢᠯᠠᠨ ᠲᠤᠭᠠᠴᠠᠭᠠᠯᠠᠭᠰᠠᠨ ᠢᠶᠡᠷ ᠳᠠᠪᠬᠤᠷᠳᠠᠭᠰᠠᠨ ᠲᠤᠭ᠎ᠠ ᠪᠡᠷ 5.6 ᠳ᠋ᠦᠩᠰᠢᠭᠤᠷ ᠵᠢᠭᠤᠯᠴᠢᠳ ᠵᠦᠭᠡᠭᠡᠪᠦᠷᠢᠯᠡᠵᠤ᠂ ᠲᠡᠮᠦᠷ ᠵᠠᠮ ᠢᠶᠡᠷ ᠤᠷᠢᠳᠴᠢᠯᠠᠨ ᠲᠤᠭᠠᠴᠠᠭᠠᠯᠠᠭᠰᠠᠨ ᠢᠶᠡᠷ ᠳᠠᠪᠬᠤᠷᠳᠠᠭᠰᠠᠨ ᠲᠤᠭ᠎ᠠ ᠪᠡᠷ 1.3 ᠳ᠋ᠦᠩᠰᠢᠭᠤᠷ ᠵᠢᠭᠤᠯᠴᠢᠳ ᠵᠦᠭᠡᠭᠡᠪᠦᠷᠢᠯᠡᠨ᠂ ᠤᠰᠤᠨ ᠵᠠᠮ ᠢᠶᠡᠷ ᠤᠷᠢᠳᠴᠢᠯᠠᠨ ᠲᠤᠭᠠᠴᠠᠭᠠᠯᠠᠭᠰᠠᠨ ᠢᠶᠡᠷ ᠳᠠᠪᠬᠤᠷᠳᠠᠭᠰᠠᠨ ᠲᠤᠭ᠎ᠠ ᠪᠡᠷ 1590 ᠲᠦᠮᠡᠨ ᠵᠢᠭᠤᠯᠴᠢᠳ ᠵᠦᠭᠡᠭᠡᠪᠦᠷᠢᠯᠡᠵᠤ᠂ ᠠᠭᠠᠷ ᠠᠶᠠᠯᠠᠯ ᠢᠶᠡᠷ ᠤᠷᠢᠳᠴᠢᠯᠠᠨ ᠲᠤᠭᠠᠴᠠᠭᠠᠯᠠᠭᠰᠠᠨ ᠢᠶᠡᠷ ᠳᠠᠪᠬᠤᠷᠳᠠᠭᠰᠠᠨ ᠲᠤᠭ᠎ᠠ ᠪᠡᠷ 1300 ᠲᠦᠮᠡᠨ ᠵᠢᠭᠤᠯᠴᠢᠳ ᠵᠦᠭᠡᠭᠡᠪᠦᠷᠢᠯᠡᠬᠦ ᠶᠤᠮ ᠪᠠᠶᠢᠨ᠎ᠠ᠃ ᠦᠨᠦ ᠵᠢᠯ ᠤᠨ ᠤᠯᠤᠰ ᠤᠨ ᠪᠠᠶᠠᠷ ᠤᠨ ᠬᠤᠭᠤᠴᠠᠭ᠎ᠠ ᠪᠤᠯ ᠰᠡᠭᠦᠯ ᠤᠨ ᠵᠢᠯ ᠤᠳ ᠲᠤ ᠵᠢᠭᠤᠯᠴᠢᠯᠠᠵᠤ ᠭᠠᠷᠬᠤ ᠬᠦᠮᠦᠨ ᠤ ᠲᠤᠭ᠎ᠠ ᠪᠤᠯᠤᠨ ᠭᠠᠳᠠᠭᠰᠢ ᠠᠶᠠᠯᠠᠬᠤ ᠠᠶᠠᠯᠠᠯ ᠬᠠᠮᠤᠭ ᠤᠨ ᠤᠷᠳᠤ ᠠᠮᠠᠷᠠᠯᠲᠠ ᠶᠢᠨ ᠬᠤᠭᠤᠴᠠᠭ᠎ᠠ ᠮᠦᠨ᠃

    ᠤᠯᠤᠰ ᠤᠨ ᠲᠤᠳᠤᠭᠠᠲᠤ ᠶᠢᠨ ᠦᠵᠡᠮᠵᠢ ᠶᠢᠨ ᠪᠦᠰᠡ ᠶᠡᠬᠡ ᠬᠠᠯᠠᠭᠤᠮᠰᠢᠯ ᠲᠠᠢ ᠪᠤᠯᠵᠤ ᠪᠠᠶᠢᠬᠤ ᠡᠴᠡ ᠭᠠᠳᠠᠨ᠎ᠠ᠂ ᠬᠢᠯᠢ ᠳᠠᠪᠠᠵᠤ ᠵᠢᠭᠤᠯᠴᠢᠯᠠᠬᠤ ᠨᠢ ᠴᠤ ᠶᠡᠬᠡ ᠬᠠᠯᠠᠭᠤᠮᠰᠢᠯ ᠲᠠᠢ ᠪᠤᠯᠪᠠ᠃ ᠰᠢᠶᠸ ᠴᠧᠩ ᠤᠨ ᠪᠦᠷᠢᠳᠭᠡᠯ ᠢ ᠦᠨᠳᠦᠰᠦᠯᠡᠪᠡᠯ᠂ ᠳᠤᠮᠳᠠᠳᠤ ᠤᠯᠤᠯᠰ ᠤᠨ ᠤᠯᠤᠰ ᠤᠨ ᠪᠠᠶᠠᠷ ᠤᠨ ᠰᠢᠵᠢᠷ ᠠᠯᠲᠠᠨ ᠭᠠᠷᠠᠭ ᠨᠢ《 ᠳᠡᠯᠡᠭᠡᠢ ᠶᠢᠨ ᠰᠢᠵᠢᠷ ᠠᠯᠲᠠᠨ ᠭᠠᠷᠠᠭ》 ᠪᠤᠯᠵᠠᠢ᠃ ᠬᠢᠯᠢ ᠳᠠᠪᠠᠬᠤ ᠵᠢᠭᠤᠯᠴᠢᠳ ᠤᠷᠢᠳᠴᠢᠯᠠᠨ ᠲᠤᠭᠠᠴᠠᠭᠠᠯᠠᠭᠰᠠᠨ ᠢᠶᠡᠷ ᠲᠠᠪᠬᠤᠷᠳᠠᠭᠰᠠᠨ ᠲᠤᠭ᠎ᠠ ᠪᠡᠷ 600 ᠲᠦᠮᠡ ᠶᠢ ᠳᠠᠪᠠᠵᠤ᠂ ᠮᠠᠨ ᠤ ᠤᠯᠤᠰ ᠤᠨ ᠵᠢᠭᠤᠯᠴᠢᠳ ᠲᠤᠳᠤᠭᠠᠲᠤ ᠭᠠᠳᠠᠭᠠᠲᠤ ᠶᠢᠨ 300 ᠭᠠᠷᠤᠢ ᠬᠤᠲᠠ ᠡᠴᠡ ᠮᠤᠷᠲᠠᠨ ᠳᠡᠯᠡᠬᠡᠢ ᠶᠢᠨ 88 ᠤᠯᠤᠰ ᠪᠤᠯᠤᠨ ᠪᠦᠰᠡ ᠨᠤᠲᠤᠭ ᠂ 1155 ᠤᠯᠤᠰ ᠤᠨ ᠳᠤᠲᠤᠭᠠᠲᠤ ᠭᠠᠳᠠᠭᠠᠲᠤ ᠶᠢᠨ ᠬᠤᠲᠠ ᠪᠡᠷ ᠬᠦᠷᠦᠨ᠎ᠠ᠂ ᠤᠯᠤᠰ ᠤᠨ ᠲᠤᠭ᠎ᠠ ᠨᠤᠷᠮ᠎ᠠ ᠨᠢᠳᠤᠨᠤᠨ  ᠤ 68 ᠪᠠᠶᠢᠭᠰᠠᠨ ᠡᠴᠡ 88 ᠳᠤ ᠬᠦᠷᠴᠤ᠂ 29% ᠤᠷᠴᠢᠮ ᠢᠶᠡᠷ ᠨᠡᠮᠡᠭᠳᠡᠭᠰᠡᠨ ᠪᠠᠶᠢᠨ᠎ᠠ᠃

ᠢᠷᠡᠯᠳᠡ᠄ ᠭᠤᠸᠠᠩ ᠮᠢᠩ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121757908