蒙古文网站Logo
ᠰᠢᠨᠬᠤᠸᠠ ᠮᠤᠩᠭ᠋ᠤᠯ ᠨᠧᠲ

ᠮᠠᠨ ᠤ ᠤᠯᠤᠰ《ᠬᠦᠨ ᠳᠠᠯᠠᠢ ᠶᠢᠨ ᠬᠠᠳᠠᠨ ᠪᠠᠭᠠᠳᠤᠷ》ᠨᠤᠮᠧᠷᠳᠤ ᠬᠦᠮᠦᠨ ᠠᠴᠢᠭᠰᠠᠨ ᠱᠤᠮᠪᠠᠭᠤᠷ ᠢ ᠠᠮᠵᠢᠯᠳᠠ ᠲᠠᠢ ᠳᠤᠷᠰᠢᠨ ᠠᠰᠢᠭᠯᠠᠪᠠ

2017-10-04 12:16

    ᠰᠢᠨᠬᠤᠧᠠ ᠬᠤᠷᠢᠶ᠎ᠠ   ᠰᠠᠨᠶᠠ ᠶᠢᠨ 10 ᠰᠠᠷ᠎ᠠ ᠶᠢᠨ 3 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢᠦ ᠳ᠋ᠧᠩ᠂ ᠳ᠋ᠦᠩ ᠷᠦᠢ ᠹᠧᠩ) ᠮᠠᠨ ᠤ ᠤᠯᠤᠰ ᠤᠨ 《ᠬᠦᠨ ᠳᠠᠯᠠᠢ ᠶᠢᠨ ᠬᠠᠳᠠᠨ ᠪᠠᠭᠠᠳᠤᠷ》ᠨᠤᠮᠧᠷᠳᠤ ᠬᠦᠮᠦᠨ ᠠᠴᠢᠭᠰᠠᠨ ᠱᠤᠮᠪᠠᠭᠤᠷ ᠬᠠᠶᠢᠨᠠᠨ ᠳᠤ 50 ᠭᠠᠷᠤᠢ ᠡᠳᠦᠷ ᠬᠤᠨᠤᠭ ᠤᠨ ᠳᠤᠷᠰᠢᠯᠳᠠ ᠶᠢ ᠠᠮᠵᠢᠯᠳᠠ ᠲᠠᠢ ᠦᠩᠬᠡᠷᠡᠬᠡᠨ 3 ᠤ ᠡᠳᠦᠷ ᠰᠠᠨᠶᠠ ᠭᠠᠷᠠᠮ ᠳᠤ ᠪᠤᠴᠠᠵᠠᠢ᠃ ᠡᠨᠡᠬᠦ ᠳᠤᠷᠰᠢᠯᠳᠠ ᠪᠡᠷ 4500 ᠮᠧᠲ᠋ᠷ ᠤᠨ ᠳᠠᠯᠠᠢ ᠶᠢᠨ ᠬᠦᠨ ᠳᠤ ᠬᠦᠷᠴᠤ ᠴᠢᠳᠠᠬᠤ ᠬᠦᠮᠦᠨ ᠠᠴᠢᠭᠰᠠᠨ ᠳᠤᠰ ᠰᠤᠮᠪᠠᠭᠤᠷ ᠤᠨ ᠪᠦᠬᠦ ᠴᠢᠳᠠᠪᠬᠢ ᠶᠢ ᠰᠢᠯᠭᠠᠵᠤ ᠦᠵᠡᠭᠰᠡᠨ ᠳᠡᠳᠦᠢ ᠦᠬᠡᠢ ᠠᠮᠵᠢᠯᠳᠠ ᠳᠤ ᠬᠦᠷᠦᠭᠰᠡᠨ ᠶᠠᠪᠤᠳᠠᠯ ᠨᠢ ᠳᠤᠰ ᠱᠤᠮᠪᠠᠭᠤᠷ ᠨᠢᠬᠡᠨᠳᠡ ᠠᠰᠢᠭᠯᠠᠭᠳᠠᠵᠤ ᠪᠤᠯᠬᠤ ᠶᠢ ᠬᠡᠷᠡᠴᠢᠯᠡᠵᠡᠢ᠃

    《ᠬᠦᠨ ᠳᠠᠯᠠᠢ ᠶᠢᠨ ᠬᠠᠳᠠᠨ ᠪᠠᠭᠠᠳᠤᠷ》ᠨᠤᠮᠧᠷᠳᠤ ᠬᠦᠮᠦᠨ ᠠᠴᠢᠭᠰᠠᠨ ᠱᠤᠮᠪᠠᠭᠤᠷ ᠨᠢ《12•5》ᠬᠦᠭᠵᠢᠯᠳᠡ ᠶᠢᠨ ᠳᠦᠰᠦᠯ ᠤᠨ ᠬᠤᠭᠤᠴᠠᠭᠠᠨ ᠳ᠋ᠡᠬᠢ 863 ᠳᠦᠯᠦᠪᠯᠡᠬᠡᠨ ᠤ ᠳᠤᠮᠤ ᠴᠢᠬᠤᠯᠠ ᠰᠤᠳᠤᠯᠭᠠᠨ ᠤ ᠡᠬᠦᠷᠬᠡ ᠪᠤᠯᠤᠨ᠎ᠠ᠃ ᠳᠤᠮᠳᠠᠳᠤ ᠤᠯᠤᠰ ᠤᠨ ᠤᠩᠭᠤᠴᠠ ᠵᠠᠪᠢ ᠶᠢᠨ ᠬᠦᠨᠳᠦ ᠠᠵᠤ ᠦᠢᠯᠡᠳᠪᠦᠷᠢ ᠶᠢᠨ ᠪᠦᠯᠦᠭᠯᠡᠯ ᠤᠨ 702 ᠰᠠᠯᠪᠤᠷᠢ ᠳᠤᠯᠤᠭᠠᠶᠢᠯᠠᠨ ᠤᠯᠤᠰ ᠤᠨ ᠳᠤᠳᠤᠭᠠᠳᠤ ᠶᠢᠨ 94 ᠪᠠᠶᠢᠭᠤᠯᠤᠯᠭ᠎ᠠ ᠨᠢᠬᠡᠴᠡ ᠶᠢᠨ ᠤᠷᠤᠯᠴᠠᠭ᠎ᠠ ᠲᠠᠢ ᠪᠡᠷ 8 ᠵᠢᠯ ᠤᠨ ᠬᠤᠭᠤᠴᠠᠭ᠎ᠠ ᠬᠡᠷᠡᠭᠰᠡᠨ ᠰᠤᠳᠤᠯᠤᠨ ᠪᠦᠳᠦᠬᠡᠵᠡᠢ᠃

 

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121762189