蒙古文网站Logo
ᠰᠢᠨᠬᠤᠸᠠ ᠮᠤᠩᠭ᠋ᠤᠯ ᠨᠧᠲ

ᠤᠯᠤᠰ ᠲᠠᠶᠠᠭᠠᠷ ᠤᠨ ᠳᠡᠮᠦᠷ ᠵᠠᠮ 6 ᠤ ᠡᠳᠦᠷ ᠳᠠᠪᠬᠤᠷᠳᠠᠭᠰᠠᠨ ᠳᠤᠭ᠎ᠠ ᠪᠡᠷ 1257 ᠳᠦᠮᠡᠨ ᠵᠢᠭᠤᠯᠴᠢᠨ ᠵᠤᠷᠴᠢᠭᠤᠯᠵᠠᠢ

2017-10-07 14:43

    ᠰᠢᠨᠬᠤᠧᠠ ᠬᠤᠷᠢᠶ᠎ᠠ   ᠪᠡᠭᠡᠵᠢᠩ ᠤᠨ 10 ᠰᠠᠷ᠎ᠠ ᠶᠢᠨ 6 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠴᠢ ᠵᠦᠩ ᠰᠢ᠂ ᠶᠧ ᠬᠤᠤ ᠮᠢᠩ) ᠰᠤᠷᠪᠤᠯᠵᠢᠯᠠᠭᠴᠢ 6 ᠤ ᠡᠳᠦᠷ ᠳᠤᠮᠳᠠᠳᠤ ᠤᠯᠤᠰ ᠤᠨ ᠳᠡᠮᠦᠷ ᠵᠠᠮ ᠤᠨ ᠶᠡᠷᠦᠩᠬᠡᠢ ᠺᠤᠮᠫᠠᠨᠢ ᠡᠴᠡ ᠤᠶᠢᠯᠠᠭᠠᠭᠰᠠᠨ ᠢᠶᠡᠷ᠂ ᠤᠯᠤᠰ ᠲᠠᠶᠠᠭᠠᠷ ᠤᠨ ᠳᠡᠮᠦᠷ ᠵᠠᠮ ᠳᠤᠰ ᠡᠳᠦᠷ ᠳᠠᠪᠬᠤᠷᠳᠠᠭᠰᠠᠨ ᠳᠤᠭ᠎ᠠ ᠪᠡᠷ 1257 ᠳᠦᠮᠡᠨ ᠵᠢᠭᠤᠯᠴᠢᠨ ᠵᠤᠷᠴᠢᠭᠤᠯᠵᠤ᠂ 539 ᠭᠠᠯᠳᠤ ᠳᠡᠷᠬᠡ ᠨᠡᠮᠡᠵᠤ ᠳᠤᠬᠢᠷᠠᠭᠤᠯᠤᠭᠰᠠᠨ ᠪᠠᠶᠢᠨ᠎ᠠ᠃ ᠡᠬᠦᠨ ᠳᠤ ᠳᠡᠮᠦᠷ ᠵᠠᠮ ᠤᠨ ᠳᠤᠪᠴᠢᠶ᠎ᠠ ᠠᠯᠤᠰᠯᠠᠭᠰᠠᠨ ᠳᠤᠮᠳᠠ ᠬᠤᠯᠠ ᠵᠠᠢ ᠶᠢᠨ ᠭᠠᠯᠳᠤ ᠳᠡᠷᠬᠡ 129᠂ ᠳᠤᠰ ᠳᠡᠮᠦᠷ ᠵᠠᠮ ᠤᠨ ᠳᠤᠪᠴᠢᠶᠠᠨ ᠤ ᠪᠡᠨ ᠬᠠᠷᠢᠶᠠᠨ ᠳᠤ 410 ᠭᠠᠯᠳᠤ ᠳᠡᠷᠬᠡ ᠨᠡᠮᠡᠵᠤ ᠳᠤᠬᠢᠷᠠᠭᠤᠯᠵᠠᠢ᠃

    ᠳᠡᠮᠦᠷ ᠵᠠᠮ ᠤᠨ ᠶᠡᠷᠦᠩᠬᠡᠢ ᠺᠤᠮᠫᠠᠨᠢ ᠶᠢᠨ ᠬᠠᠮᠢᠶᠠᠳᠠᠢ ᠬᠠᠷᠢᠭᠤᠴᠠᠯᠭᠠᠳᠠᠨ ᠤ ᠳᠠᠨᠢᠯᠴᠠᠭᠤᠯᠤᠭᠰᠠᠨ ᠢᠶᠡᠷ᠂ ᠤᠯᠤᠰ ᠲᠠᠶᠠᠭᠠᠷ ᠤᠨ ᠳᠡᠮᠦᠷ ᠵᠠᠮ 5 ᠤ ᠡᠳᠦᠷ ᠳᠠᠪᠬᠤᠷᠳᠠᠭᠰᠠᠨ ᠳᠤᠭ᠎ᠠ ᠪᠡᠷ 1201.5 ᠳᠦᠮᠡᠨ ᠵᠢᠭᠤᠯᠴᠢᠨ ᠵᠤᠷᠴᠢᠭᠤᠯᠵᠤ ᠡᠨᠡ ᠨᠢ ᠦᠩᠬᠡᠷᠡᠭᠰᠡᠨ ᠤ ᠠᠳᠠᠯᠢ ᠬᠤᠭᠤᠴᠠᠭᠠᠨ ᠤ ᠬᠢ ᠡᠴᠡ ᠳᠠᠪᠬᠤᠷᠳᠠᠭᠰᠠᠨ ᠳᠤᠭ᠎ᠠ ᠪᠡᠷ 132 ᠳᠦᠮᠡᠨ ᠬᠦᠮᠦᠨ ᠪᠤᠶᠤ 12.3% ᠪᠡᠷ ᠨᠡᠮᠡᠭᠳᠡᠪᠡ᠃ ᠡᠬᠦᠨ ᠳᠤ ᠪᠡᠬᠡᠵᠢᠩ ᠤᠨ ᠳᠡᠮᠦᠷ ᠵᠠᠮ ᠤᠨ ᠳᠤᠪᠴᠢᠶ᠎ᠠ ᠳᠠᠪᠬᠤᠷᠳᠠᠭᠰᠠᠨ ᠳᠤᠭ᠎ᠠ ᠪᠡᠷ 108.9 ᠳᠦᠮᠡ᠂ ᠱᠠᠩᠬᠠᠢ ᠶᠢᠨ ᠳᠡᠮᠦᠷ ᠵᠠᠮ ᠤᠨ ᠳᠤᠪᠴᠢᠶ᠎ᠠ ᠳᠠᠪᠬᠤᠷᠳᠠᠭᠰᠠᠨ ᠳᠤᠭ᠎ᠠ ᠪᠡᠷ 230.9 ᠳᠦᠮᠡ᠂ ᠭᠤᠧᠠᠩᠳᠦ᠋ᠩ ᠤᠨ ᠳᠡᠮᠦᠷ ᠵᠠᠮ ᠤᠨ ᠪᠦᠯᠦᠭᠯᠡᠯ ᠳᠠᠪᠬᠤᠷᠳᠠᠭᠰᠠᠨ ᠳᠤᠭ᠎ᠠ ᠪᠡᠷ 171.7 ᠳᠦᠮᠡᠨ ᠵᠢᠭᠤᠯᠴᠢᠨ ᠵᠤᠷᠴᠢᠭᠤᠯᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121768312