蒙古文网站Logo
ᠰᠢᠨᠬᠤᠸᠠ ᠮᠤᠩᠭ᠋ᠤᠯ ᠨᠧᠲ

ᠴᠧᠩᠳᠧ ᠵᠡᠷᠭᠡ 19 ᠬᠤᠲᠠ 《ᠤᠯᠤᠰ ᠤᠨ ᠤᠢ ᠰᠢᠭᠤᠢ ᠶᠢᠨ ᠬᠤᠲᠠ》  ᠪᠡᠷ ᠨᠡᠷᠡᠶᠢᠳᠦᠭᠳᠡᠪᠡ

2017-10-11 17:04

    ᠰᠢᠨᠬᠤᠧᠠ ᠬᠤᠷᠢᠶ᠎ᠠ   ᠱᠢ ᠵᠢᠶᠠ ᠵᠤᠧᠠᠩ ᠤᠨ 10 ᠰᠠᠷ᠎ᠠ ᠶᠢᠨ 11 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠶᠠᠩ ᡁᠢ ᠿᠦᠨ᠂ ᠭᠤᠤ ᠪᠦᠸᠸ ) 10 ᠤ ᠡᠲᠦᠷ ᠡᠾᠧᠪᠧᠢ ᠶᠢᠨ ᠴᠧᠩᠳᠧ ᠳ᠋ᠤ ᠬᠤᠷᠠᠯᠲᠤᠭᠰᠠᠨ 2017 ᠤᠨ ᠤ ᠤᠢ ᠰᠢᠭᠤᠢ ᠶᠢᠨ ᠬᠤᠲᠠ ᠶᠢᠨ ᠪᠠᠶᠢᠭᠤᠯᠤᠯᠲᠠ ᠶᠢᠨ ᠬᠤᠷᠠᠯ ᠤᠨ ᠦᠶ᠎ᠠ ᠪᠡᠷ ᠤᠯᠤᠰ ᠤᠨ ᠤᠢ ᠰᠢᠭᠤᠢ ᠶᠢᠨ ᠲᠤᠪᠴᠢᠶᠠᠨ ᠤ ᠲᠠᠷᠤᠭ᠎ᠠ ᠵᠠᠩ ᠵᠢᠶᠠᠨ ᠯᠦᠩ ᠴᠧᠩᠳᠧ ᠵᠡᠷᠭᠡ 19 ᠬᠤᠲᠠ 《ᠤᠯᠤᠰ ᠤᠨ ᠤᠢ ᠰᠢᠭᠤᠢ ᠶᠢᠨ ᠬᠤᠲᠠ》  ᠪᠡᠷ ᠨᠡᠷᠡᠶᠢᠲᠦᠭᠲᠡᠭᠰᠡᠨ ᠭᠡᠵᠡᠢ᠃ ᠢᠩᠭᠢᠭᠡᠳ ᠤᠯᠤᠰ ᠲᠠᠶᠠᠭᠠᠷ ᠤᠨ ᠬᠡᠪᠴᠢᠶᠠᠨ ᠳ᠋ᠤ 137 ᠬᠤᠲᠠ ᠲᠤᠰ ᠴᠤᠯᠠ ᠶᠢ ᠬᠦᠷᠲᠡᠭ᠍ᠰᠡᠨ ᠪᠠᠶᠢᠨ᠎ᠠ᠃

    ᠲᠤᠲᠤᠷᠠᠭᠤᠯᠪᠠᠯ ᠡᠨᠡ 19 ᠬᠤᠲᠠ ᠨᠢ ᠴᠧᠩᠳᠧ᠂ ᠲᠦᠩᠯᠢᠩ᠂ ᠲᠦᠩᠬᠤᠧᠠ᠂ ᠹᠦᠵᠧᠦ᠂ ᠴᠢᠤᠧᠠᠨᠵᠧᠦ᠂ ᠱᠠᠩᠷᠤᠤ᠂ ᠭᠠᠨᠵᠧᠦ᠂ ᠵᠢᠩ ᠳ᠋ᠧ ᠵᠧᠨ᠂ ᠿᠢ ᠵᠤᠤ᠂ ᠯᠠᠢ ᠡᠦ᠂ ᠵᠠᠩ ᠵᠢᠶᠠ ᠵᠢᠶᠧ᠂ ᠹᠦᠸᠸᠱᠠᠨ᠂ ᠵᠢᠶᠠᠩᠮᠧᠨ᠂ ᠪᠠᠢ ᠰᠧ᠂ ᠫᠠᠨ ᡁᠢ ᠬᠤᠧᠠ᠂ ᠢᠪᠢᠨ᠂ ᠪᠠ ᠵᠦᠩ᠂ ᠯᠢᠨ ᠼᠠᠩ᠂ ᠠᠨ ᠺᠠᠩ ᠪᠤᠯᠤᠨ᠎ᠠ᠃

    ᠨᠠᠮ ᠤᠨ ᠠᠷᠪᠠᠨ ᠨᠠᠶ᠋ᠮᠠᠲᠤᠭᠠᠷ ᠶᠡᠬᠡ ᠬᠤᠷᠠᠯ ᠡᠴᠡ ᠨᠠᠰᠢ ᠤᠯᠤᠰ ᠲᠠᠶᠠᠭᠠᠷ ᠤᠨ ᠡᠯ᠎ᠡ ᠭᠠᠵᠠᠷ ᠤᠷᠤᠨ ᠳ᠋ᠤ ᠤᠢ ᠰᠢᠭᠤᠢ ᠶᠢᠨ ᠬᠤᠲᠠ  ᠪᠠᠶᠢᠭᠤᠯᠬᠤ ᠬᠠᠯᠠᠭᠤᠨ ᠦᠷᠨᠢᠯᠲᠡ ᠪᠤᠯᠵᠤ ᠦᠯᠡᠮᠵᠢ ᠦᠷ᠎ᠡ ᠪᠦᠲᠦᠮᠵᠢ ᠤᠯᠤᠭᠰᠠᠨ ᠪᠠᠶᠢᠨ᠎ᠠ᠃ ᠲᠠᠪᠤᠨ ᠵᠢᠯ ᠤᠨ ᠲᠤᠷᠰᠢᠲᠠ ᠤᠢ ᠰᠢᠭᠤᠢ ᠶᠢᠨ ᠬᠤᠲᠠ ᠶᠢᠨ ᠪᠠᠶᠢᠭᠤᠯᠤᠯᠲᠠ ᠨᠢ ᠤᠯᠤᠰ ᠤᠨ ᠬᠦᠭ᠍ᠵᠢᠯᠲᠠ ᠶᠢᠨ ᠪᠠᠶᠢᠯᠲᠤᠬᠤ ᠪᠤᠲᠤᠯᠭ᠎ᠠ ᠳ᠋ᠤ ᠤᠷᠤᠵᠤ᠂ ᠬᠦᠴᠦᠳᠡᠢ ᠠᠬᠢᠭᠤᠯᠬᠤ᠂ ᠰᠢᠨᠵᠢᠯᠡᠬᠦ ᠤᠬᠠᠭᠠᠨᠴᠢ ᠬᠠᠮᠢᠶᠠᠷᠤᠯᠲᠠ ᠶᠢᠨ ᠰᠢᠨ᠎ᠡ ᠲᠤᠭᠲᠠᠭᠠᠮᠵᠢ ᠶᠢ ᠪᠦᠷᠢᠯᠲᠦᠬᠦᠯᠦᠨ᠂ ᠤᠯᠤᠰ ᠤᠨ ᠬᠠᠮᠢᠶ᠎ᠠ ᠲᠠᠢ ᠶᠠᠮᠤᠨ ᠪᠠ ᠡᠯ᠎ᠡ ᠱᠠᠲᠤᠨ ᠤ ᠨᠠᠮ ᠤᠨ ᠬᠤᠷᠢᠶ᠎ᠠ ᠵᠠᠰᠠᠭ ᠤᠨ ᠤᠷᠲᠤᠨ ᠤ ᠲᠡᠮᠵᠢᠯᠭᠡ ᠪᠡᠷ ᠤᠢ ᠰᠢᠭᠤᠢ ᠶᠢᠨ ᠬᠤᠲᠠ ᠶᠢ ᠪᠠᠶᠢᠭᠤᠯᠬᠤ ᠠᠵᠢᠯ ᠨᠢ ᠡᠳ᠋ ᠤᠨ ᠵᠠᠰᠠᠭ ᠨᠡᠶᠢᠭᠡᠮ ᠤᠨ ᠬᠦᠭ᠍ᠵᠢᠯᠲᠠ ᠶᠢᠨ ᠴᠢᠬᠤᠯᠠ ᠪᠠᠶᠢᠷᠢᠨ ᠳ᠋ᠤ ᠬᠦᠷᠦᠭᠰᠡᠨ ᠶᠤᠮ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120791121787920