蒙古文网站Logo
ᠰᠢᠨᠬᠤᠸᠠ ᠮᠤᠩᠭ᠋ᠤᠯ ᠨᠧᠲ

ᠦᠨᠦ ᠵᠢᠯ 17 ᠪᠦᠰᠡ ᠨᠤᠲᠤᠭ ᠬᠠᠮᠤᠭ ᠤᠨ ᠳᠤᠤᠷ᠎ᠠ ᠴᠠᠯᠢᠩ ᠢ ᠦᠰᠭᠡᠪᠡ

2017-10-12 16:32

    2017 ᠤᠨ ᠳᠤ ᠬᠠᠮᠤᠭ ᠤᠨ ᠳᠤᠤᠷ᠎ᠠ ᠴᠠᠯᠢᠩ ᠢ ᠦᠰᠭᠡᠭ᠍ᠰᠡᠨ ᠪᠦᠰᠡ ᠨᠤᠲᠤᠭ ᠤᠨ ᠲᠤᠭ᠎ᠠ ᠨᠢᠳᠤᠨᠤᠨ ᠤ ᠬᠢ ᠡᠴᠡ ᠶᠡᠬᠡ ᠪᠡᠷ ᠨᠡᠮᠡᠭᠳᠡᠪᠡ᠃ ᠪᠦᠷᠢᠨ ᠪᠤᠰᠤ ᠪᠤᠷᠢᠳᠭᠡᠯ ᠢ ᠦᠨᠳᠦᠰᠦᠯᠡᠪᠡᠯ᠂ ᠤᠳᠤᠬᠠᠨ ᠳᠤ 17 ᠪᠦᠰᠡ ᠨᠤᠲᠤᠭ 2017 ᠤᠨ ᠤ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠶᠢ ᠨᠡᠶᠢᠲᠡᠯᠡᠪᠡ᠃ ᠡᠭᠦᠨ ᠳᠤ᠂ ᠱᠠᠩᠬᠠᠢ᠂ ᠱᠸᠨᠵᠸᠨ᠂ ᠲᠢᠶᠠᠨᠵᠢᠨ᠂ ᠪᠡᠭᠡᠵᠢᠩ ᠤᠨ ᠰᠠᠷ᠎ᠠ ᠶᠢᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ 2000 ᠲᠦᠬᠦᠷᠢᠭ᠌ ᠡᠴᠡ ᠲᠠᠪᠠᠪᠠ᠃

    10 ᠰᠠᠷ᠎ᠠ ᠶᠢᠨ 1 ᠡᠴᠡ ᠡᠬᠢᠯᠡᠨ ᠬᠢᠷᠢᠨ᠂ ᠾᠸᠨᠠᠨ᠂ ᠱᠠᠨ ᠰᠢ᠂ ᠨᠢᠩᠰᠢᠶᠠ ᠵᠡᠷᠭᠡ ᠤᠯᠠᠨ ᠭᠠᠵᠠᠷ ᠬᠠᠮᠤᠭ ᠤᠨ ᠰᠢᠨ᠎ᠠ ᠳᠤᠤᠷ᠎ᠠ ᠴᠠᠯᠢᠩ ᠤᠨ ᠪᠠᠷᠢᠮᠵᠢᠶ᠎ᠠ ᠶᠢ ᠬᠡᠷᠡᠭᠵᠢᠭᠦᠯᠵᠤ ᠡᠬᠢᠯᠡᠪᠡ᠃ ᠬᠤᠪᠸᠢ ᠮᠤᠵᠢ ᠲᠦᠷᠦᠭᠦᠬᠡᠨ 11 ᠰᠠᠷ᠎ᠠ ᠶᠢᠨ 1 ᠡᠴᠡ ᠡᠬᠢᠯᠡᠨ ᠮᠤᠵᠢ ᠳᠠᠶᠠᠭᠠᠷ ᠤᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠶᠢ ᠲᠤᠬᠢᠷᠠᠭᠤᠯᠬᠤ ᠪᠡᠷ ᠨᠠᠶᠢᠲᠡᠯᠡᠪᠡ᠃ ᠰᠠᠷ᠎᠎ᠠ ᠶᠢᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠶᠢ ᠪᠦᠰᠡ ᠨᠤᠲᠤᠭ ᠢᠶᠡᠷ ᠨᠢ ᠳᠦᠷᠪᠡᠨ ᠵᠡᠷᠭᠡᠯᠡᠯ ᠳᠤ ᠬᠤᠪᠢᠶᠠᠪᠠ᠂ ᠳᠠᠷᠤᠢ 1750 ᠲᠦᠬᠦᠷᠢᠭ᠌᠂ 1500 ᠲᠦᠬᠦᠷᠢᠭ᠌᠂ 1380 ᠲᠦᠬᠦᠷᠢᠭ᠌ ᠪᠤᠯᠤᠨ 1250 ᠲᠦᠬᠦᠷᠢᠭ᠌᠃

    ᠪᠦᠷᠢᠨ ᠪᠤᠰᠤ ᠪᠦᠷᠢᠳᠭᠡᠯ ᠢ ᠦᠨᠳᠦᠰᠦᠯᠡᠪᠡᠯ᠂ ᠦᠨᠦ ᠵᠢᠯ ᠡᠴᠡ ᠨᠠᠰᠢ ᠱᠠᠩᠬᠠᠢ᠂ ᠱᠸᠨᠵᠸᠨ᠂ ᠲᠢᠶᠠᠨᠵᠢᠨ᠂ ᠪᠡᠭᠡᠵᠢᠩ᠂ ᠵᠢᠶᠠᠩᠰᠤ᠂ ᠱᠠᠨᠳᠦ᠋ᠩ᠂ ᠭᠢᠷᠢᠨ᠂ ᠦᠪᠦᠷ ᠮᠣᠩᠭᠣᠯ᠂ ᠬᠤᠪᠸᠢ᠂ ᠾᠸᠨᠠᠨ᠂ ᠹᠦᠵᠢᠶᠠᠨ᠂ ᠱᠠᠨ ᠰᠢ᠂ ᠱᠠᠨᠰᠢ᠂ ᠨᠢᠩᠰᠢᠶᠠ᠂ ᠭᠠᠨᠰᠤ᠂ ᠬᠤᠨᠠᠨ᠂ ᠬᠦᠬᠡᠨᠠᠭᠤᠷ ᠵᠡᠷᠭᠡ 17 ᠪᠦᠰᠡ ᠨᠤᠲᠤᠭ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶ᠎ᠠ ᠶᠢ ᠨᠢᠭᠡᠨᠲᠡ ᠲᠤᠬᠢᠷᠠᠭᠤᠯᠤᠭᠠᠳ ᠪᠤᠢ᠃

ᠢᠷᠡᠯᠳᠡ᠄ ᠳᠤᠮᠳᠠᠳᠤ ᠤᠯᠤᠰ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121793766