蒙古文网站Logo
ᠰᠢᠨᠬᠤᠸᠠ ᠮᠤᠩᠭ᠋ᠤᠯ ᠨᠧᠲ

ᠮᠠᠨ ᠤ ᠤᠯᠤᠰ ᠤᠨ ᠪᠠᠷᠠᠭᠤᠨ ᠬᠤᠶᠢᠲᠤ ᠪᠦᠰᠡ ᠨᠤᠲᠤᠭ ᠤᠨ ᠠᠩᠬᠠᠨ ᠤ ᠬᠤᠷᠳᠤᠨ ᠤ ᠵᠠᠰᠠᠮᠠᠯ ᠵᠠᠮ ᠤᠨ ᠡᠷᠭᠢᠭᠦᠯᠭᠡᠨ ᠨᠦᠬᠡᠨ ᠵᠠᠮ ᠨᠡᠪᠲᠡᠷᠡᠪᠡ

2017-10-17 17:34

    ᠰᠢᠨᠬᠤᠸᠠ ᠬᠤᠷᠢᠶ᠎ᠠ   ᠰᠢ ᠨᠢᠩ ᠤᠨ 10 ᠰᠠᠷ᠎ᠠ ᠶᠢᠨ 17 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠦᠸᠸ ᠰᠢᠶᠤᠤ ᠹᠸᠢ᠂ ᠳ᠋ᠸᠩ ᠸᠠᠨ ᠯᠢ) 10 ᠰᠠᠷ᠎ᠠ ᠶᠢᠨ 16 ᠤ ᠡᠳᠦᠷ᠂ ᠮᠠᠨ ᠤ ᠤᠯᠤᠰ ᠤᠨ ᠪᠠᠷᠠᠭᠤᠨ ᠬᠤᠶᠢᠲᠤ ᠪᠦᠰᠡ ᠨᠤᠲᠤᠭ ᠤᠨ ᠠᠩᠬᠠᠨ ᠤ ᠬᠤᠷᠳᠤᠨ ᠤ ᠵᠠᠰᠠᠮᠠᠯ ᠵᠠᠮ ᠤᠨ ᠡᠷᠭᠢᠭᠦᠯᠭᠡᠨ ᠨᠦᠬᠡᠨ ᠵᠠᠮ - ᠸᠸ ᠯᠦᠩ ᠭᠤᠤ ᠶᠢᠨ ᠨᠢᠭᠡ ᠨᠤᠮᠸᠷᠲᠤ ᠨᠦᠬᠡᠨ ᠵᠠᠮ ᠪᠦᠬᠦ ᠱᠤᠭᠤᠮ ᠳᠤ ᠨᠡᠪᠲᠡᠷᠡᠪᠠ᠃ ᠡᠨᠡ ᠨᠢ ᠬᠤᠷᠳᠤᠨ ᠤ ᠵᠠᠰᠠᠮᠠᠯ ᠵᠠᠮ ᠤᠨ ᠡᠷᠭᠢᠭᠦᠯᠭᠡᠨ ᠨᠦᠬᠡᠨ ᠵᠠᠮ ᠲᠡᠪᠢᠰᠬᠦ ᠮᠡᠷᠭᠡᠵᠢᠯ ᠠᠩᠬ᠎ᠠ ᠤᠳᠠᠭ᠎ᠠ ᠮᠠᠨ ᠤ ᠤᠯᠤᠰ ᠤᠨ ᠦᠨᠳᠦᠷ ᠬᠦᠢᠲᠡᠨ᠂ ᠦᠨᠳᠦᠷ ᠡᠷᠭᠦᠭ᠍ᠲᠡᠴᠡ ᠪᠦᠬᠦᠢ ᠪᠦᠰᠡ ᠨᠤᠲᠤᠭ ᠲᠤ ᠠᠮᠵᠢᠯᠲᠠ ᠤᠯᠤᠭᠰᠠᠨ ᠢ ᠬᠠᠷᠠᠭᠤᠯᠵᠠᠢ᠃

    ᠸᠸ ᠯᠦᠩ ᠭᠤᠤ ᠶᠢᠨ ᠨᠢᠭᠡ ᠨᠤᠮᠸᠷᠲᠤ ᠨᠦᠬᠡᠨ ᠵᠠᠮ ᠬᠦᠬᠡᠨᠠᠭᠤᠷ ᠭᠠᠨᠰᠤ ᠬᠤᠶᠠᠷ ᠮᠤᠵᠢ ᠶᠢᠨ ᠠᠭᠤᠯᠵᠠᠭᠤᠷ ᠳ᠋ᠡᠬᠢ ᠳ᠋ᠠ ᠯᠢ ᠵᠢᠶᠠ ᠠᠭᠤᠯᠠ ᠶᠢᠨ ᠸᠸ ᠯᠦᠩ ᠭᠤᠤ ᠶᠢᠨ ᠬᠡᠰᠡᠭ ᠲᠤ ᠪᠠᠶᠢᠷᠢᠯᠠᠵᠤ᠂ ᠪᠦᠬᠦ ᠤᠷᠲᠤ ᠨᠢ 2620 ᠮᠸᠲ᠋ᠷ᠂ ᠳᠠᠯᠠᠢ ᠶᠢᠨ ᠲᠦᠪᠰᠢᠨ ᠡᠴᠡ 3100 ᠮᠸᠲ᠋ᠷ ᠤᠷᠴᠢᠮ ᠡᠷᠭᠦᠭ᠍ᠲᠡᠴᠡᠨ ᠲᠠᠢ᠃ ᠳ᠋ᠠ ᠯᠢ ᠵᠢᠶᠠ ᠱᠠᠨ ᠡᠴᠨ ᠰᠢᠶᠦ᠋ᠨ ᠬᠤᠸᠠ ᠬᠦᠷᠬᠦ ᠬᠤᠷᠳᠤᠨ ᠤ ᠵᠠᠰᠠᠮᠠᠯ ᠵᠠᠮ ᠤᠨ ᠪᠦᠬᠦ ᠱᠤᠭᠤᠮ ᠳ᠋ᠡᠬᠢ ᠭᠤᠤᠯᠳᠠᠯᠭ᠎ᠠ ᠲᠠᠢ ᠡᠷᠭᠡᠰᠢᠶᠡᠬᠦ ᠢᠨᠵᠸᠨ᠋ᠸᠷᠢᠩ ᠤᠨ ᠨᠢᠭᠡ᠂ 2014 ᠤᠨ ᠤ 8 ᠰᠠᠷ᠎ᠠ ᠳᠤ ᠲᠡᠪᠢᠰᠴᠤ ᠡᠬᠢᠯᠡᠵᠠᠢ᠃

    ᠵᠠᠰᠠᠮᠠᠯ ᠵᠠᠮ ᠤᠨ ᠲᠡᠭᠰᠢᠬᠡᠨ ᠠᠶᠠᠯᠠᠬᠤ ᠶᠢ ᠪᠠᠲᠤᠯᠠᠬᠤ ᠶᠢᠨ ᠲᠦᠯᠦᠭᠡ᠂ ᠵᠠᠮ  ᠢ 700 ᠮᠸᠲ᠋ᠷ ᠤᠨ ᠡᠷᠭᠢᠭᠦᠯᠭᠡᠨ ᠱᠤᠭᠤᠮ ᠢᠶᠡᠷ ᠲᠦᠰᠦᠪᠯᠡᠵᠤ᠂ ᠵᠠᠮ ᠱᠤᠭᠤᠮ ᠤᠨ ᠪᠠᠷᠢᠮᠵᠢᠶᠠᠲᠤ ᠦᠨᠳᠦᠷ ᠢ ᠤᠤᠯ ᠤᠨ ᠪᠠᠶᠢᠷᠢᠨ ᠡᠴᠡ 120 ᠮᠸᠲ᠋ᠷ ᠦᠨᠳᠦᠷ ᠲᠤ ᠪᠠᠶᠢᠷᠢᠯᠡᠭᠤᠯᠵᠠᠢ᠃ ᠤᠷᠤᠵᠤ ᠭᠠᠷᠬᠤ ᠠᠮᠠᠰᠠᠷ ᠤᠨ ᠦᠨᠳᠦᠷ ᠤᠨ ᠵᠦᠷᠢᠶ᠎ᠠ ᠨᠢ 58 ᠮᠸᠲ᠋ᠷ᠃ ᠨᠦᠬᠡᠨ ᠵᠠᠮ ᠤᠨ ᠦᠷᠭᠡᠨ ᠨᠢ 10.25 ᠮᠸᠲ᠋ᠷ᠂ ᠦᠨᠳᠦᠷ ᠨᠢ 5.0 ᠮᠸᠲ᠋ᠷ᠂ ᠴᠠᠭ ᠲᠤ 80 ᠺᠢᠯᠦᠮᠸᠲ᠋ᠷ ᠤᠨ ᠬᠤᠷᠳᠤᠴᠠ ᠪᠡᠷ ᠦᠩᠭᠡᠷᠡᠬᠦ ᠪᠡᠷ ᠲᠦᠯᠦᠪᠯᠡᠪᠡ᠃

    ᠤᠶᠢᠯᠠᠭᠠᠭᠰᠠᠨ ᠢᠶᠡᠷ᠂ ᠳ᠋ᠠ ᠯᠢ ᠵᠢᠶᠠ ᠱᠠᠨ ᠡᠴᠨ ᠰᠢᠶᠦ᠋ᠨ ᠬᠤᠸᠠ ᠬᠦᠷᠬᠦ ᠬᠤᠷᠳᠤᠨ ᠤ ᠵᠠᠰᠠᠮᠠᠯ ᠵᠠᠮ ᠪᠤᠯ ᠬᠦᠬᠡᠬᠠᠭᠤᠷ ᠮᠤᠵᠢ ᠶᠢᠨ ᠰᠢᠶᠦ᠋ᠨ ᠬᠤᠸᠠ ᠶᠢᠨ ᠰᠠᠯᠠᠷ ᠦᠨᠳᠦᠰᠦᠲᠡᠨ ᠤ ᠦᠪᠡᠷᠲᠡᠭᠡᠨ ᠵᠠᠰᠠᠬᠤ ᠵᠸᠤ ᠶᠢᠨ ᠬᠢᠨ ᠤ ᠮᠤᠵᠢ ᠶᠢᠨ ᠭᠠᠳᠠᠨᠠᠬᠢ ᠲᠠᠢ ᠬᠠᠷᠢᠯᠴᠠᠬᠤ ᠴᠢᠬᠤᠯᠠ ᠭᠠᠷᠴᠠ ᠮᠦᠨ᠃ ᠬᠤᠷᠳᠤᠨ ᠤ ᠵᠠᠰᠠᠮᠠᠯ ᠵᠠᠮ ᠨᠡᠪᠲᠡᠷᠡᠭᠰᠡᠨ ᠤ ᠳᠠᠷᠠᠭ᠎ᠠ᠂ ᠲᠤᠬᠠᠢ ᠶᠢᠨ ᠪᠦᠰᠡ ᠨᠤᠲᠤᠭ ᠤᠨ ᠬᠦᠮᠦᠰ ᠭᠠᠳᠠᠭᠰᠢ ᠠᠶᠠᠯᠠᠬᠤ ᠳᠤ ᠪᠡᠨ ᠴᠢᠯᠠᠭᠤᠨ ᠵᠠᠮ ᠢᠶᠡᠷ ᠠᠶᠠᠯᠠᠬᠤ ᠪᠤᠶᠤ ᠡᠪᠤᠯ ᠠᠭᠤᠯᠠᠨ ᠵᠠᠮ ᠬᠦᠯᠳᠡᠬᠦ ᠵᠡᠷᠭᠡ ᠪᠠᠶᠢᠳᠠᠯ ᠡᠴᠡ ᠵᠠᠶᠢᠯᠠᠰᠬᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121817205