蒙古文网站Logo
ᠰᠢᠨᠬᠤᠸᠠ ᠮᠤᠩᠭ᠋ᠤᠯ ᠨᠧᠲ

ᠮᠠᠨ ᠤ ᠤᠯᠤᠰ ᠤᠨ ᠡᠾᠧᠷᠼ ᠸᠠᠲ ᠤᠨ ᠳᠡᠰ ᠤᠨ ᠰᠠᠯᠬᠢᠨ ᠡᠷᠴᠢᠮ ᠬᠦᠴᠦᠨ ᠤ ᠮᠠᠰᠢᠨ ᠡᠧᠦ᠋ᠷᠦᠫᠠ ᠶᠢᠨ ᠬᠤᠯᠪᠤᠭᠠᠨ ᠤ ᠵᠠᠬ᠎ᠠ ᠳᠤ ᠠᠩᠬ᠎ᠠ ᠪᠦᠬᠡᠮ ᠢᠶᠡᠷ ᠪᠤᠷᠤᠯᠠᠭᠤᠯᠤᠭᠳᠠᠪᠠ

2017-10-19 19:43

    ᠰᠢᠨᠬᠤᠧᠠ ᠬᠤᠷᠢᠶ᠎ᠠ   ᠴᠠᠩᠱᠠ ᠶᠢᠨ 10 ᠰᠠᠷ᠎ᠠ ᠶᠢᠨ 18 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠶᠠᠩ ᠵᠢᠶᠠᠨ) 18 ᠤ ᠡᠳᠦᠷ᠂ ᠵᠦᠩ ᠴᠧ ᠪᠦᠯᠦᠭᠯᠡᠯ ᠤᠨ ᠵᠦ ᠵᠧᠤ ᠴᠠᠬᠢᠯᠭᠠᠨ ᠮᠠᠰᠢᠨ ᠤ ᠬᠢᠵᠠᠭᠠᠷᠳᠤ ᠺᠤᠮᠫᠠᠨᠢ ᠨᠢ ᠭᠧᠷᠮᠠᠨ ᠤ ᠴᠠᠬᠢᠯᠭᠠᠨ ᠡᠷᠴᠢᠮ ᠬᠦᠴᠦᠨ ᠤ ᠳᠤᠮᠤ ᠳᠤᠯᠤᠭᠠᠶᠢᠯᠠᠭᠴᠢ ᠪᠤᠯᠬᠤ Senvion ᠺᠤᠮᠫᠠᠨᠢ ᠲᠠᠢ ᠪᠠᠷᠠᠭ᠎ᠠ ᠪᠦᠳᠦᠬᠡᠭᠳᠡᠬᠦᠨ ᠬᠠᠩᠭᠠᠬᠤ ᠬᠠᠮᠳᠤ ᠶᠢᠨ ᠠᠵᠢᠯᠯᠠᠭᠠᠨ ᠤ ᠬᠡᠯᠡᠯᠴᠡᠬᠡᠷ ᠪᠠᠶᠢᠭᠤᠯᠵᠤ᠂ ᠢᠷᠡᠬᠦ ᠭᠤᠷᠪᠠᠨ ᠵᠢᠯ ᠬᠠᠮᠤᠭ ᠤᠨ ᠨᠠᠭᠠᠳᠤ ᠵᠠᠬ᠎ᠠ ᠳ᠋ᠠᠭᠠᠨ 100 ᠰᠢᠷᠬᠡᠭ᠌ 3.7MW-144 ᠵᠠᠬᠪᠤᠷ ᠤᠨ ᠰᠠᠯᠬᠢᠨ ᠡᠷᠴᠢᠮ ᠬᠦᠴᠦᠨ ᠤ ᠮᠠᠰᠢᠨ ᠡᠺᠰᠫᠤᠷᠲ᠋ᠯᠠᠬᠤ ᠪᠡᠷ ᠪᠤᠯᠵᠠᠢ᠃

    ᠡᠨᠡ ᠨᠢ ᠮᠠᠨ ᠤ ᠤᠯᠤᠰ ᠤᠨ ᠡᠾᠧᠷᠼ ᠸᠠᠲ ᠤᠨ ᠳᠡᠰ ᠤᠨ ᠰᠠᠯᠬᠢᠨ ᠡᠷᠴᠢᠮ ᠬᠦᠴᠦᠨ ᠤ ᠮᠠᠰᠢᠨ ᠠᠩᠬ᠎ᠠ ᠤᠳᠠᠭ᠎ᠠ ᠡᠧᠦ᠋ᠷᠦᠫᠠ ᠶᠢᠨ ᠬᠤᠯᠪᠤᠭᠠᠨ ᠤ ᠵᠠᠬ᠎ᠠ ᠳᠤ ᠪᠦᠬᠡᠮ ᠢᠶᠡᠷ ᠪᠤᠷᠤᠯᠠᠭᠤᠯᠤᠭᠳᠠᠭᠰᠠᠨ ᠶᠠᠪᠤᠳᠠᠯ ᠳᠡᠳᠦᠢ ᠦᠬᠡᠢ ᠮᠦᠨ ᠳᠤᠮᠳᠠᠳᠤ ᠤᠯᠤᠰ ᠤᠨ ᠰᠠᠯᠬᠢᠨ ᠡᠷᠴᠢᠮ ᠬᠦᠴᠦᠨ ᠤ ᠬᠡᠷᠡᠭᠰᠡᠯ ᠳᠡᠯᠡᠬᠡᠢ ᠶᠢᠨ ᠳᠡᠬᠡᠳᠦ ᠵᠡᠷᠬᠡᠯᠡᠯ ᠤᠨ ᠰᠠᠯᠬᠢᠨ ᠡᠷᠴᠢᠮ ᠬᠦᠴᠦᠨ ᠤ ᠵᠠᠬ᠎ᠠ ᠵᠡᠬᠡᠯᠢ ᠳᠤ ᠰᠢᠨ᠎ᠡ ᠰᠢᠪᠳᠤᠯᠤᠯᠳᠠ ᠬᠢᠭ᠍ᠰᠡᠨ ᠢ ᠬᠠᠷᠠᠭᠤᠯᠵᠤ ᠪᠠᠶᠢᠭ᠎ᠠ ᠶᠤᠮ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121827912