蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ ᠤᠨ ᠳᠦᠷᠪᠡᠨ ᠬᠤᠲᠠ ᠳᠡᠯᠡᠬᠡᠢ ᠳᠠᠶᠠᠭᠠᠷ ᠤᠨ ᠡᠭᠦᠳᠦᠯᠲᠡ ᠲᠡᠢ ᠬᠤᠲᠠ ᠶᠢᠨ ᠳᠤᠤᠷ ᠰᠦᠯᠵᠢᠶᠡᠨ ᠳᠤ ᠪᠠᠭᠳᠠᠪᠠ

2017-11-01 17:12

    ᠰᠢᠨᠬᠤᠸᠠ ᠬᠤᠷᠢᠶ᠎ᠠ   ᠫᠠᠷᠢᠰ ᠤᠨ 10 ᠰᠠᠷ ᠠ ᠶᠢᠨ 31 ᠤ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠭᠴᠢ ᠴᠸᠨ ᠡᠢ ᠴᠸᠨ) ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠰᠤᠷᠭᠠᠨ ᠬᠦᠮᠦᠵᠢᠯ᠂ ᠰᠢᠨᠵᠢᠯᠡᠬᠦ ᠤᠬᠠᠭᠠᠨ᠂ ᠰᠤᠶᠤᠯ ᠤᠨ ᠵᠤᠬᠢᠶᠠᠨ ᠪᠠᠶᠢᠭᠤᠯᠤᠯᠲᠠ 10 ᠰᠠᠷ᠎ᠠ ᠶᠢᠨ 31 ᠤ ᠡᠳᠦᠷ ᠮᠡᠳᠡᠭᠡᠯᠡᠯ ᠨᠡᠶᠢᠲᠡᠯᠡᠵᠤ ᠴᠠᠩᠱᠠ᠂ ᠤᠤᠮᠸᠨ᠂ ᠴᠢᠩᠳᠤᠤ ᠪᠤᠯᠤᠨ ᠦᠬᠠᠢ ᠵᠡᠷᠭᠡ ᠳᠤᠮᠳᠠᠳᠤ ᠤᠯᠤᠰ ᠤᠨ ᠳᠦᠷᠪᠡᠨ ᠬᠤᠲᠠ ᠳᠡᠯᠡᠬᠡᠢ ᠳᠠᠶᠠᠭᠠᠷ ᠤᠨ ᠡᠭᠦᠳᠦᠯᠲᠡ ᠲᠡᠢ ᠬᠤᠲᠠ ᠶᠢᠨ ᠳᠤᠤᠷ ᠰᠦᠯᠵᠢᠶᠡᠨ ᠳᠤ ᠪᠠᠭᠳᠠᠭᠰᠠᠨ᠂ ᠰᠢᠨ᠎ᠠ ᠶᠢ ᠡᠭᠦᠳᠬᠦ ᠵᠤᠷᠢᠭ ᠰᠠᠨᠠᠭ᠎ᠠ ᠨᠢ ᠬᠤᠲᠠ ᠶᠢᠨ ᠲᠤᠭᠲᠠᠮᠠᠯ ᠬᠦᠭ᠍ᠵᠢᠯᠲᠠ ᠶᠢᠨ ᠶᠠᠪᠤᠴᠠ ᠳᠤ ᠴᠢᠬᠤᠯᠠ ᠳᠦᠷᠢ ᠲᠦᠷᠬᠦ ᠶᠢ ᠲᠤᠭᠯᠠᠵᠤ ᠪᠤᠢ ᠭᠡᠯ᠎ᠠ᠃

    ᠮᠡᠳᠡᠭᠡᠯᠡᠯ ᠢ ᠦᠨᠳᠦᠰᠦᠯᠡᠪᠡᠯ᠂ 44 ᠤᠯᠤᠰ ᠪᠤᠯᠤᠨ ᠪᠦᠰᠡ ᠨᠤᠲᠤᠭ ᠡᠴᠡ ᠤᠷᠤᠯᠴᠠᠭᠰᠠᠨ 64 ᠬᠤᠲᠠ ᠰᠢᠨ᠎ᠠ ᠡᠭᠡᠯᠵᠢ ᠶᠢᠨ ᠡᠭᠦᠳᠦᠯᠲᠡ ᠲᠠᠢ ᠬᠤᠲᠠ ᠶᠢᠨ ᠳᠤᠤᠷ ᠰᠦᠯᠵᠢᠶᠡᠨ ᠳᠤ ᠪᠠᠭᠳᠠᠯᠴᠠᠪᠠ᠃ ᠳᠤᠮᠳᠠᠳᠤ ᠤᠯᠤᠰ ᠤᠨ ᠴᠠᠩᠱᠠ᠂ ᠤᠤᠮᠸᠨ᠂ ᠴᠢᠩᠳᠤᠤ ᠪᠤᠯᠤᠨ ᠦᠬᠠᠢ ᠬᠤᠲᠠ ᠲᠤᠰ ᠪᠦᠷᠢ ᠲᠤᠭᠠᠵᠢᠯᠲᠠ ᠶᠢᠨ ᠤᠷᠠᠯᠢᠭ᠂ ᠠᠮᠳᠠᠲᠤ ᠢᠳᠡᠭᠡᠨ ᠤ ᠰᠤᠶᠤᠯ᠂ ᠺᠢᠨᠤ᠋ ᠤᠷᠠᠯᠢᠭ ᠪᠤᠯᠤᠨ ᠳ᠋ᠢᠽᠠᠶᠢᠨ ᠤ ᠰᠠᠯᠪᠤᠷᠢ ᠳ᠋ᠡᠬᠢ ᠠᠮᠵᠢᠯᠲᠠ ᠪᠦᠲᠦᠮᠵᠢ ᠪᠡᠷ ᠢᠶᠡᠨ ᠡᠨᠡᠬᠦ ᠰᠦᠯᠵᠢᠶᠡᠨ ᠳᠤ ᠪᠠᠭᠳᠠᠭᠰᠠᠨ ᠪᠠᠶᠢᠨ᠎ᠠ᠃ ᠡᠭᠦᠨ ᠡᠴᠡ ᠡᠮᠦᠨ᠎ᠠ᠂ ᠵᠢᠩ ᠳ᠋ᠸ ᠵᠸᠨ ᠪᠠᠯᠭᠠᠰᠤ᠂ ᠱᠠᠩᠬᠠᠢ᠂ ᠱᠦᠨ ᠳ᠋ᠸ᠂ ᠬᠠᠩᠵᠸᠤ᠂ ᠰᠦᠵᠸᠤ᠂ ᠴᠸᠩᠳᠦ᠋᠂ ᠪᠡᠭᠡᠵᠢᠩ᠂ ᠱᠸᠨᠵᠸᠨ ᠵᠡᠷᠭᠡ ᠶᠢ ᠪᠠᠭᠲᠠᠭᠠᠭᠰᠠᠨ ᠳᠤᠮᠳᠠᠳᠤ ᠶᠢᠨ ᠬᠤᠲᠠ ᠨᠤᠭᠤᠳ ᠨᠢᠭᠡᠨᠲᠠ ᠰᠤᠩᠭ᠋ᠤᠭᠳᠠᠭᠰᠠᠨ ᠶᠤᠮ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121891230