蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ 2018 ᠤᠨ ᠳᠤ ᠰᠢᠨ᠎ᠠ ᠵᠠᠬᠪᠤᠷ ᠤᠨ 《ᠰᠠᠨᠰᠠᠷ ᠤᠨ ᠭᠠᠳᠤᠯᠭ᠎ᠠ ᠤᠩᠭᠤᠴᠠ》ᠬᠦᠬᠡᠷᠬᠡᠬᠦ ᠪᠡᠷ ᠳᠦᠯᠦᠪᠯᠡᠵᠤ ᠪᠤᠢ

2017-11-06 11:35

    ᠰᠤᠷᠪᠤᠯᠵᠢᠯᠠᠭᠴᠢ 6 ᠤ ᠡᠳᠦᠷ ᠳᠤᠮᠳᠠᠳᠤ ᠤᠯᠤᠰ ᠤᠨ ᠰᠠᠨᠰᠠᠷ ᠠᠶᠠᠯᠠᠯ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠪᠦᠯᠦᠭᠯᠡᠯ ᠺᠤᠮᠫᠠᠨᠢ ᠶᠢᠨ ᠨᠢᠬᠡᠳᠦᠬᠡᠷ ᠰᠤᠳᠤᠯᠭᠠᠨ ᠤ ᠬᠦᠷᠢᠶᠡᠯᠡᠩ ᠡᠴᠡ ᠤᠶᠢᠯᠠᠭᠠᠭᠰᠠᠨ ᠢᠶᠡᠷ ᠳᠤᠮᠳᠠᠳᠤ ᠤᠯᠤᠰ 2018 ᠤᠨ ᠳᠤ ᠰᠢᠨ᠎ᠡ ᠵᠠᠬᠪᠤᠷ ᠤᠨ《ᠰᠠᠨᠰᠠᠷ ᠤᠨ ᠭᠠᠳᠤᠯᠭ᠎ᠠ ᠤᠩᠭᠤᠴᠠ》ᠬᠦᠬᠡᠷᠬᠡᠬᠦ ᠪᠡᠷ ᠪᠠᠶᠢᠨ᠎ᠠ᠂ ᠡᠨᠡ ᠨᠢ ᠳᠠᠷᠤᠢ ᠶᠤᠧᠠᠨ ᠵᠧᠩ ᠨᠢᠬᠡ ᠨᠤᠮᠧᠷᠳᠤ ᠬᠦᠬᠡᠭᠴᠢᠨ ᠭᠠᠳᠤᠯᠭ᠎ᠠ ᠤᠩᠭᠤᠴᠠ ᠪᠤᠯᠤᠨ ᠴᠠᠩ ᠵᠧᠩ ᠬᠤᠶᠠᠷ ᠨᠤᠮᠧᠷᠳᠤ ᠤᠯᠠᠭᠠᠨ ᠠᠴᠢᠶᠠᠨ ᠤ ᠳᠡᠶᠢᠷᠦᠯᠳᠦ ᠶᠢ ᠬᠠᠮᠳᠤᠳᠬᠠᠭᠰᠠᠨ ᠨᠠᠷᠠᠨ ᠤ ᠢᠵᠢᠯ ᠠᠯᠬᠤᠮ ᠤᠨ ᠴᠠᠷᠬᠢ ᠪᠡᠷ ᠠᠶᠠᠯᠠᠬᠤ ᠤᠩᠭᠤᠴᠠ ᠪᠤᠯᠤᠨ᠎ᠠ᠃

    ᠳᠤᠮᠳᠠᠳᠤ ᠤᠯᠤᠰ ᠤᠨ ᠭᠠᠳᠤᠯᠭ᠎ᠠ ᠤᠩᠭᠤᠴᠠ ᠶᠢᠨ ᠰᠤᠳᠤᠯᠭ᠎ᠠ 20 ᠳ᠋ᠤᠭᠠᠷ ᠵᠠᠭᠤᠨ ᠤ ᠨᠠᠶᠠᠭᠠᠳ ᠤᠨ ᠤ ᠰᠡᠬᠦᠯᠴᠢ ᠪᠡᠷ ᠡᠬᠢᠯᠡᠵᠡᠢ᠃ ᠡᠬᠦᠨ ᠳᠤ ᠳᠤᠮᠳᠠᠳᠤ ᠤᠯᠤᠰ ᠤᠨ ᠰᠠᠨᠰᠠᠷ ᠠᠶᠠᠯᠠᠯ ᠤᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠪᠦᠯᠦᠭᠯᠡᠯ ᠺᠤᠮᠫᠠᠨᠢ ᠶᠢᠨ ᠨᠢᠬᠡᠳᠦᠬᠡᠷ ᠰᠤᠳᠤᠯᠭᠠᠨ ᠤ ᠬᠦᠷᠢᠶᠡᠯᠡᠩ ᠡᠴᠡ ᠰᠤᠳᠤᠯᠤᠨ ᠪᠦᠳᠦᠬᠡᠭᠰᠡᠨ ᠶᠤᠧᠠᠨ ᠵᠧᠩ ᠴᠤᠪᠤᠷᠠᠯ ᠭᠠᠳᠤᠯᠭ᠎ᠠ ᠤᠩᠭᠤᠴᠠ ᠨᠢ ᠨᠡᠶᠢᠳᠡᠮ ᠤᠨ ᠬᠡᠷᠡᠭᠯᠡᠬᠡᠨ ᠤ ᠴᠢᠨᠠᠷ ᠢᠶᠡᠷ ᠴᠢᠩᠭ᠎ᠠ᠂ ᠤᠯᠠᠨ ᠤᠳᠠᠭ᠎ᠠ ᠭᠠᠯ ᠵᠤᠯᠭᠠᠭᠤᠯᠤᠨ ᠠᠵᠢᠯᠯᠠᠭᠤᠯᠵᠤ᠂ ᠠᠳᠠᠯᠢ ᠪᠤᠰᠤ ᠬᠦᠢᠴᠡᠳᠬᠡᠬᠦ ᠡᠬᠦᠷᠬᠡ ᠶᠢᠨ ᠱᠠᠭᠠᠷᠳᠠᠯᠭ᠎ᠠ ᠶᠢ ᠬᠠᠩᠭᠠᠵᠤ ᠴᠢᠳᠠᠳᠠᠭ᠃

11 ᠰᠠᠷ᠎ᠠ ᠶᠢᠨ 5 ᠤ ᠡᠳᠦᠷ ᠤᠨ 19᠄45 ᠴᠠᠭ ᠲᠤ᠂ ᠰᠢᠴᠠᠩ ᠳᠠᠭᠠᠭᠤᠯᠢ ᠬᠦᠬᠡᠷᠬᠡᠬᠦ ᠳᠦᠪ ᠡᠴᠡ ᠴᠠᠩ ᠵᠧᠩ ᠭᠤᠷᠪᠠ ᠨᠤᠮᠧᠷᠳᠤ ᠬᠦᠬᠡᠭᠴᠢᠨ ᠠᠴᠢᠶᠠᠨ ᠤ ᠳᠠᠶᠢᠷᠦᠯᠳᠦ ᠶᠢ ᠠᠰᠢᠭᠯᠠᠨ ᠳᠤᠬᠢᠭᠤᠷ ᠳᠤᠯᠤᠭᠠᠨ ᠤᠳᠤ ᠭᠤᠷᠪᠠ ᠨᠤᠮᠧᠷᠳᠤ 2 ᠳᠠᠭᠠᠭᠤᠯᠢ ᠶᠢ ᠠᠮᠵᠢᠯᠳᠠ ᠲᠠᠢ ᠬᠦᠬᠡᠷᠬᠡᠪᠡ (ᠵᠢᠷᠤᠭ ᠢ ᠶᠠᠩ ᡁᠢ ᠶᠤᠧᠠᠨ)

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121911755