蒙古文网站Logo
ᠰᠢᠨᠬᠤᠸᠠ ᠮᠤᠩᠭ᠋ᠤᠯ ᠨᠧᠲ

138 ᠲᠦᠮᠡᠨ ᠬᠦᠮᠦᠨ 2018 ᠤᠨ ᠤ ᠲᠦᠷᠦ ᠶᠢᠨ ᠠᠯᠪᠠ ᠬᠠᠭᠠᠬᠴᠢ ᠡᠯᠰᠡᠬᠦ ᠰᠢᠯᠭᠠᠯᠲᠠ ᠶᠢᠨ ᠬᠢᠨᠡᠯᠲᠠ ᠶᠢ ᠦᠩᠭᠡᠷᠡᠭᠡᠯ᠎᠎ᠡ

2017-11-09 12:34

    11 ᠰᠠᠷ᠎ᠠ ᠶᠢᠨ 8 ᠤ ᠡᠳᠦᠷ ᠤᠨ 18᠄ 00 ᠴᠠᠭ ᠲᠤ᠂ ᠲᠦᠪ ᠤᠨ ᠪᠠᠶᠢᠭᠤᠯᠤᠯᠭ᠎ᠠ ᠵᠢᠴᠢ ᠰᠢᠭᠤᠳ ᠬᠠᠷᠢᠶ᠎ᠠ ᠰᠠᠯᠠᠭ᠎ᠠ ᠮᠦᠴᠢᠷ ᠤᠨ 2018 ᠤᠨ ᠤ ᠠᠯᠪᠠ ᠬᠠᠭᠠᠬᠴᠢ ᠡᠯᠰᠡᠬᠦ ᠰᠢᠯᠭᠠᠯᠲᠠ ᠶᠢᠨ ᠨᠡᠷ᠎ᠠ ᠪᠦᠷᠢᠳᠭᠡᠬᠦᠯᠬᠦ ᠬᠤᠭᠤᠴᠠᠭ᠎ᠠ ᠠᠯᠪᠠᠨ ᠶᠤᠰᠤᠭᠠᠷ ᠳᠠᠭᠤᠰᠪᠠ᠃ ᠬᠤᠯᠪᠤᠭᠳᠠᠯ ᠪᠦᠬᠦᠢ ᠪᠠᠶᠢᠭᠤᠯᠤᠮᠵᠢ ᠶᠢᠨ ᠪᠦᠷᠢᠳᠭᠡᠭ᠍ᠰᠡᠨ ᠢᠶᠡᠷ᠂ 8 ᠤ ᠡᠳᠦᠷ ᠤᠨ 17᠄ 30 ᠴᠠᠭ ᠪᠤᠯᠲᠠᠯ᠎ᠠ ᠨᠡᠶᠢᠲᠠ 156 ᠲᠦᠮᠡ ᠭᠠᠷᠤᠢ ᠬᠦᠮᠦᠨ ᠨᠡᠷ᠎ᠠ ᠪᠦᠷᠢᠳᠭᠡᠬᠦᠯᠦᠭᠰᠡᠨ ᠤ ᠳᠤᠲᠤᠷ᠎ᠠ 138 ᠲᠦᠮᠡ ᠭᠠᠷᠤᠢ ᠬᠦᠮᠦᠨ ᠨᠢ ᠬᠢᠨᠠᠯᠲᠠ ᠶᠢ ᠦᠩᠬᠡᠷᠡᠵᠡᠢ᠃ ᠤᠶᠢᠯᠠᠭᠠᠭᠰᠠᠨ ᠢᠶᠡᠷ᠂ ᠲᠤᠰ ᠤᠳᠠᠭᠠᠨ ᠤ ᠲᠦᠷᠦ ᠶᠢᠨ ᠠᠯᠪᠠ ᠬᠠᠭᠠᠬᠴᠢ ᠶᠢᠨ ᠰᠢᠯᠭᠠᠯᠲᠠ ᠳᠡᠬᠢ 119 ᠠᠵᠢᠯ ᠤᠨ ᠪᠠᠶᠢᠷᠢ ᠳᠤ ᠨᠡᠷ᠎ᠠ ᠪᠦᠷᠢᠳᠭᠡᠬᠦᠯᠦᠭᠰᠡᠨ ᠬᠦᠮᠦᠨ ᠦᠬᠡᠢ᠃

    9 ᠤ ᠡᠳᠦᠷ ᠪᠤᠯᠤᠨ 10 ᠤ ᠡᠳᠦᠷ ᠪᠤᠯ ᠰᠢᠯᠭᠠᠯᠲᠠ ᠬᠠᠷᠢᠭᠤᠴᠠᠬᠤ ᠪᠠᠶᠢᠭᠤᠯᠤᠯᠭ᠎ᠠ ᠶᠢᠨ ᠨᠠᠷ᠎ᠠ ᠪᠦᠷᠢᠳᠭᠡᠬᠦᠯᠬᠦ ᠡᠷᠭᠡ ᠶᠢ ᠬᠢᠨᠠᠬᠤ ᠡᠴᠤᠰ ᠤᠨ ᠬᠤᠶᠠᠷ ᠡᠳᠦᠷ ᠪᠤᠯᠤᠨ᠎ᠠ᠃ ᠦᠩᠬᠡᠷᠡᠭᠰᠡᠨ ᠵᠢᠯ ᠤᠨ ᠲᠤᠷᠰᠢᠯᠭ᠎ᠠ ᠶᠢ ᠦᠨᠳᠦᠰᠦᠯᠡᠪᠡᠯ᠂ ᠥᠨᠥ ᠵᠢᠯ ᠤᠨ ᠰᠢᠯᠭᠠᠭᠤᠯᠤᠭᠰᠠᠳ 140 ᠲᠦᠮᠡᠨ ᠬᠦᠮᠦᠨ ᠢ ᠬᠡᠳᠤᠷᠡᠬᠦ ᠮᠠᠭᠠᠳ᠃ 2018 ᠤᠨ ᠤ ᠲᠦᠷᠦ ᠶᠢᠨ ᠠᠯᠪᠠ ᠬᠠᠭᠠᠬᠴᠢ ᠡᠯᠰᠡᠬᠦ ᠰᠢᠯᠭᠠᠯᠲᠠ ᠶᠢᠨ ᠨᠡᠶᠢᠲᠠ ᠶᠢᠨ ᠬᠢᠴᠢᠶᠠᠯ ᠲᠦᠷᠦᠯ ᠤᠨ ᠰᠢᠯᠭᠠᠯᠲᠠ 12 ᠰᠠᠷ᠎ᠠ ᠶᠢᠨ 10 ᠤ ᠡᠲᠦᠷ ᠶᠠᠪᠤᠭᠲᠠᠨ᠎ᠠ᠂ ᠰᠢᠯᠭᠠᠭᠤᠯᠤᠭᠰᠠᠳ ᠳᠠᠷᠠᠭ᠎ᠠ ᠵᠢᠯ ᠤᠨ 1 ᠰᠠᠷ᠎ᠠ ᠶᠢᠨ ᠰᠡᠭᠦᠯᠴᠢ ᠪᠡᠷ ᠪᠢᠷ ᠤᠨ ᠰᠢᠯᠭᠠᠯᠲᠠ ᠶᠢᠨ ᠬᠢᠷᠢ ᠪᠦᠲᠦᠮᠵᠢ ᠪᠡᠨ ᠬᠠᠶᠢᠵᠤ ᠪᠤᠯᠤᠨ᠎ᠠ᠃

ᠢᠷᠡᠯᠳᠡ᠄ ᠰᠢᠨ ᠵᠢᠩ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121929621