蒙古文网站Logo
ᠰᠢᠨᠬᠤᠸᠠ ᠮᠤᠩᠭ᠋ᠤᠯ ᠨᠧᠲ

ᠪᠡᠬᠡᠵᠢᠩ ᠤᠨ ᠳ᠋ᠠᠰᠢᠩ ᠳᠤᠭᠤᠷᠢᠭ ᠲᠤ ᠡᠬᠦᠰᠦᠭᠰᠡᠨ ᠭᠠᠯ ᠤᠨ ᠠᠶᠤᠯ 19 ᠬᠦᠮᠦᠨ ᠤ ᠠᠮᠢᠨ ᠳᠤ ᠬᠦᠷᠴᠠᠢ

2017-11-20 16:35

    ᠰᠢᠨᠬᠤᠧᠠ ᠬᠤᠷᠢᠶ᠎ᠠ   ᠪᠡᠭᠡᠵᠢᠩ ᠤᠨ 11 ᠰᠠᠷ᠎ᠠ ᠶᠢᠨ 19 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠲᠦ᠋ ᠮᠢᠩ᠂ ᠺᠦᠩ ᠰᠢᠶᠠᠩ ᠰᠢᠨ) 18 ᠤ ᠡᠳᠦᠷ ᠤᠨ 18᠄00 ᠴᠠᠭ ᠤᠨ ᠦᠶ᠎ᠡ ᠪᠡᠷ ᠪᠡᠬᠡᠵᠢᠩ ᠬᠤᠳᠠ ᠶᠢᠨ ᠳ᠋ᠠᠰᠢᠩ ᠳᠤᠭᠤᠷᠢᠭ ᠤᠨ ᠰᠢ ᠬᠤᠩ ᠮᠧᠨ ᠪᠠᠯᠭᠠᠰᠤᠨ ᠤ ᠰᠢᠨ ᠵᠢᠶᠠᠨ ᠳᠤᠰᠬᠤᠨ ᠳᠤ ᠭᠠᠯ ᠭᠠᠷᠴᠠᠢ᠃

    18 ᠤ ᠡᠳᠦᠷ ᠤᠨ 18᠄15 ᠴᠠᠭ ᠲᠤ ᠪᠡᠬᠡᠵᠢᠩ ᠬᠤᠳᠠ ᠶᠢᠨ 119 ᠵᠢᠯᠤᠭᠤᠳᠬᠤ ᠳᠦᠪ ᠤᠨ ᠬᠢᠨ ᠳ᠋ᠠᠰᠢᠩ ᠳᠤᠭᠤᠷᠢᠭ ᠤᠨ ᠰᠢ ᠬᠤᠩ ᠮᠧᠨ ᠪᠠᠯᠭᠠᠰᠤᠨ ᠤ ᠰᠢᠨ ᠵᠢᠶᠠᠨ ᠳᠤᠰᠬᠤᠨ ᠤ ᠰᠢᠨ ᠺᠠᠩ ᠵᠡᠬᠦᠨ ᠵᠠᠮ ᠤᠨ 8 ᠨᠤᠮᠧᠷ ᠲᠤ ᠭᠠᠯ ᠭᠠᠷᠤᠭᠰᠠᠨ ᠳᠤᠬᠠᠢ ᠮᠡᠳᠡᠬᠦᠯᠦᠯᠳᠡ ᠶᠢ ᠳᠤᠰᠴᠤ᠂ ᠳᠡᠷᠡ ᠳᠠᠷᠤᠢ ᠭᠠᠯ ᠤᠨᠳᠠᠷᠠᠭᠠᠭᠴᠢᠳ ᠳᠤᠮᠢᠯᠠᠪᠠ᠃ 21᠄00 ᠴᠠᠭ ᠤᠨ ᠦᠶ᠎ᠡ ᠪᠡᠷ ᠢᠯᠡ ᠭᠠᠯ ᠢ ᠨᠢᠬᠡᠨᠳᠡ ᠤᠨᠳᠠᠷᠠᠭᠠᠭᠰᠠᠨ ᠪᠤᠯᠪᠠᠴᠤ 19 ᠬᠦᠮᠦᠨ ᠡᠨᠳᠡᠨ᠂ 8 ᠬᠦᠮᠦᠨ ᠰᠢᠷᠬᠠᠳᠤᠵᠠᠢ᠃

    ᠤᠳᠤᠬᠠᠨ ᠳᠤ ᠰᠢᠷᠬᠠᠳᠤᠭᠰᠠᠳ ᠢ ᠡᠮᠨᠡᠯᠬᠡ ᠳᠤ ᠬᠦᠷᠬᠡᠨ ᠡᠮᠴᠢᠯᠡᠬᠦᠯᠦᠭᠰᠡᠨ ᠳᠡᠳᠦᠢ ᠦᠬᠡᠢ ᠬᠡᠷᠡᠭ ᠲᠤ ᠬᠤᠯᠪᠤᠭᠳᠠᠭᠰᠠᠨ ᠬᠦᠮᠦᠨ ᠢ ᠨᠢᠬᠡᠨᠳᠡ ᠰᠠᠭᠠᠳᠠᠭᠠᠵᠤ᠂ ᠬᠡᠷᠡᠭ ᠤᠨ ᠰᠢᠯᠳᠠᠭᠠᠨ ᠢ ᠤᠯᠠᠮ ᠨᠢᠬᠡ ᠠᠯᠬᠤᠮ ᠪᠠᠶᠢᠴᠠᠭᠠᠨ ᠳᠤᠳᠤᠯᠠᠵᠤ ᠪᠤᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121983906