蒙古文网站Logo
ᠰᠢᠨᠬᠤᠸᠠ ᠮᠤᠩᠭ᠋ᠤᠯ ᠨᠧᠲ

ᠴᠧᠩᠳᠦ᠋ ᠡᠴᠡ ᠲᠠᠩ ᠰᠦᠩ ᠬᠦᠷᠦᠨ ᠤ ᠦᠶ᠎ᠡ ᠶᠢᠨ《ᠬᠤᠳᠠ ᠶᠢᠨ ᠵᠠᠬᠢᠷᠭᠠᠨ ᠤ ᠪᠠᠷᠢᠯᠭ᠎ᠠ》 ᠶᠢ ᠢᠯᠡᠷᠡᠬᠦᠯᠵᠠᠢ

2017-11-23 11:25

11 ᠰᠠᠷ᠎ᠠ ᠶᠢᠨ 22 ᠤᠨ ᠡᠳᠦᠷ᠂ ᠴᠧᠩᠳᠦ᠋ ᠬᠤᠳᠠ ᠶᠢᠨ ᠬᠡᠩᠬᠡᠷᠬᠡᠳᠦ ᠠᠰᠠᠷ ᠤᠨ ᠬᠤᠶᠢᠲᠤ ᠵᠡᠬᠡᠯᠢ ᠳ᠋ᠡᠬᠢ ᠠᠷᠬᠢᠯᠤᠬᠢ ᠮᠠᠯᠳᠠᠯᠳᠠ ᠶᠢᠨ ᠭᠠᠵᠠᠷ ᠳᠡᠬᠡᠷ᠎ᠡ ᠠᠵᠢᠯᠳᠠᠳ ᠶᠠᠭᠠᠷᠠᠯᠳᠠᠢ ᠮᠠᠯᠳᠠᠯᠭ᠎ᠠ ᠬᠢᠵᠤ ᠪᠤᠢ

    ᠬᠤᠳᠠ ᠶᠢᠨ ᠪᠦᠳᠦᠬᠡᠨ ᠪᠠᠶᠢᠭᠤᠯᠤᠯᠳᠠ ᠲᠠᠢ ᠤᠶᠠᠯᠳᠤᠭᠤᠯᠤᠨ᠂ ᠤᠯᠤᠰ ᠤᠨ ᠬᠠᠭᠤᠴᠢ ᠪᠤᠳᠠᠰ ᠤᠨ ᠳᠤᠪᠴᠢᠶ᠎ᠠ ᠶᠢᠨ ᠵᠦᠪᠰᠢᠶᠡᠷᠡᠯ ᠲᠠᠢ ᠪᠡᠷ ᠴᠧᠩᠳᠦ᠋ ᠶᠢᠨ ᠠᠷᠬᠢᠯᠤᠬᠢ ᠰᠤᠳᠤᠯᠤᠭᠠᠴᠢᠳ 2017 ᠤᠨ ᠤ 7 ᠰᠠᠷ᠎ᠠ ᠡᠴᠡ ᠡᠬᠢᠯᠡᠨ ᠡᠨᠡᠬᠦ ᠬᠡᠰᠡᠭ ᠤᠨ 5000 ᠺᠦᠧᠠᠳ᠋ ᠮᠧᠲ᠋ᠷ ᠭᠠᠵᠠᠷ ᠲᠤ ᠠᠷᠬᠢᠯᠤᠬᠢ ᠮᠠᠯᠳᠠᠯᠳᠠ ᠬᠢᠵᠠᠢ᠃ ᠤᠳᠤᠬᠠᠨ ᠳᠤ ᠭᠤᠤᠯ ᠤᠨ ᠳᠤᠬᠤᠢ᠂ ᠪᠠᠶᠢᠰᠢᠩ ᠤᠨ ᠰᠠᠭᠤᠷᠢ᠂ ᠵᠠᠮ᠂ ᠬᠤᠳᠳᠤᠭ᠂ ᠰᠤᠪᠠᠭ᠂ ᠦᠨᠡᠰᠦᠨ ᠤ ᠨᠦᠬᠡ᠂ ᠵᠤᠭᠤᠷᠢ ᠵᠡᠷᠬᠡ ᠶᠢᠨ ᠪᠠᠭᠤᠷᠢ ᠶᠢ ᠢᠯᠡᠷᠡᠬᠦᠯᠦᠭᠰᠡᠨ ᠳᠡᠳᠦᠢ ᠦᠬᠡᠢ ᠸᠠᠭᠠᠷ᠂ ᠳᠡᠮᠦᠷ᠂ ᠬᠦᠷᠡᠯ ᠰᠠᠪᠠ ᠡᠳ᠋ᠯᠡᠯ ᠪᠠ ᠵᠤᠭᠤᠰ᠂ ᠪᠠᠷᠢᠯᠭ᠎ᠠ ᠶᠢᠨ ᠮᠠᠲ᠋ᠧᠷᠢᠶᠠᠯ ᠤᠳ ᠢ ᠢᠯᠡᠷᠡᠬᠦᠯᠦᠬᠡᠳ ᠪᠠᠶᠢᠨ᠎ᠠ᠃ ᠡᠳᠡᠬᠡᠷ ᠨᠢ ᠲᠠᠩ ᠬᠦᠷᠦᠨ ᠤ ᠳᠠᠪᠤᠳᠤᠭᠠᠷ ᠦᠶ᠎ᠡ᠂ ᠰᠦᠩ ᠶᠤᠧᠠᠨ᠂ ᠮᠢᠩ ᠬᠦᠷᠦᠨ ᠤ ᠰᠤᠶᠤᠯ ᠤᠨ ᠦᠯᠡᠳᠡᠭᠳᠡᠯ ᠤᠳ ᠪᠤᠯᠬᠤ ᠠᠵᠢ᠃

ᠢᠷᠡᠯᠳᠡ᠄ ᠳᠤᠮᠳᠠᠳᠤ ᠤᠯᠤᠰ ᠤᠨ ᠰᠤᠨᠢᠨ ᠮᠡᠳᠡᠬᠡ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121999899