蒙古文网站Logo
ᠰᠢᠨᠬᠤᠸᠠ ᠮᠤᠩᠭ᠋ᠤᠯ ᠨᠧᠲ

ᠵᠦᠵᠢᠶᠠᠩ ᠮᠦᠷᠡᠨ ᠳᠡᠬᠡᠷ᠎ᠡ ᠠᠴᠢᠶᠠᠨ ᠤ ᠬᠦᠯᠬᠡ ᠤᠩᠭᠤᠴᠠ ᠮᠦᠷᠬᠦᠯᠳᠦᠵᠠᠢ

2017-11-29 15:31

    ᠰᠢᠨᠬᠤᠧᠠ ᠬᠤᠷᠢᠶ᠎ᠠ   ᠭᠤᠧᠠᠩᠵᠧᠤ ᠶᠢᠨ 11 ᠰᠠᠷ᠎ᠠ ᠶᠢᠨ 28 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠮᠤᠤ ᠰᠢᠨ᠂ ᠲᠢᠶᠠᠨ ᠵᠢᠶᠠᠨ ᠴᠤᠧᠠᠨ) ᠰᠤᠷᠪᠤᠯᠵᠢᠯᠠᠭᠴᠢ ᠭᠤᠧᠠᠩᠳᠦ᠋ᠩ ᠮᠤᠵᠢ ᠶᠢᠨ ᠳᠠᠯᠠᠢ ᠶᠢᠨ ᠶᠠᠪᠤᠳᠠᠯ ᠤᠨ ᠳᠤᠪᠴᠢᠶ᠎ᠠ ᠡᠴᠡ ᠤᠶᠢᠯᠠᠭᠠᠭᠰᠠᠨ ᠢᠶᠡᠷ᠂ 27 ᠤ ᠡᠳᠦᠷ ᠵᠦᠵᠢᠶᠠᠩ ᠮᠦᠷᠡᠨ ᠳᠡᠬᠡᠷ᠎ᠡ ᠠᠴᠢᠶᠠᠨ ᠤ ᠬᠦᠯᠬᠡ ᠤᠩᠭᠤᠴᠠ ᠮᠦᠷᠬᠦᠯᠳᠦᠵᠤ 12 ᠬᠦᠮᠦᠨ ᠰᠤᠷᠠᠭ ᠳᠠᠰᠤᠷᠠᠵᠠᠢ᠃

    28 ᠤ ᠡᠳᠦᠷ ᠪᠤᠯᠳᠠᠯ᠎ᠠ ᠨᠢᠬᠡᠨᠳᠡ 7 ᠬᠦᠮᠦᠨ ᠢ ᠨᠢ ᠠᠪᠤᠷᠠᠵᠤ᠂ ᠡᠮᠨᠡᠯᠬᠡ ᠳᠤ ᠬᠦᠷᠬᠡᠵᠡᠢ᠃ ᠡᠬᠦᠨ ᠳᠤ ᠨᠢᠬᠡ ᠬᠦᠮᠦᠨ ᠤ ᠬᠢᠨᠢ ᠴᠢᠰᠤᠨ ᠳᠠᠷᠤᠯᠳᠠ ᠶᠡᠬᠡᠰᠦᠨ ᠬᠦᠨᠳᠦ ᠡᠪᠡᠳᠴᠢᠳᠡᠨ ᠤ ᠬᠤᠷᠢᠭ᠎ᠠ ᠲᠠᠢ ᠳᠠᠰᠤᠭ ᠲᠤ ᠤᠷᠤᠭᠰᠠᠨ ᠢ ᠭᠠᠷᠭᠠᠪᠠᠯ ᠨᠦᠬᠦᠬᠡ 6 ᠬᠦᠮᠦᠨ ᠤᠳᠤᠬᠠᠨ ᠳᠤ ᠠᠮᠤᠷ ᠳᠦᠪᠰᠢᠨ ᠪᠤᠢ᠃ ᠦᠯᠡᠳᠡᠭᠰᠡᠨ 5 ᠬᠦᠮᠦᠨ ᠤ ᠬᠢᠨᠢ ᠤᠷᠤᠨ ᠪᠠᠶᠢᠷᠢ ᠶᠢ ᠨᠠᠷᠢᠨ ᠳᠤᠳᠤᠯᠠᠵᠤ ᠴᠢᠳᠠᠭ᠎ᠠ ᠦᠬᠡᠢ ᠴᠤ ᠠᠪᠤᠷᠠᠨ ᠳᠤᠰᠠᠯᠠᠬᠤ ᠠᠵᠢᠯ ᠶᠠᠭᠠᠷᠠᠯᠳᠠᠢ ᠦᠷᠬᠦᠯᠵᠢᠯᠡᠭᠰᠡᠬᠡᠷ᠃

ᠠᠪᠤᠷᠠᠨ ᠳᠤᠰᠠᠯᠠᠬᠤ ᠠᠵᠢᠯ ᠢᠶᠡᠷ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠯᠦ ᠬᠠᠨ ᠰᠢᠨ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122030570