蒙古文网站Logo
ᠰᠢᠨᠬᠤᠸᠠ ᠮᠤᠩᠭ᠋ᠤᠯ ᠨᠧᠲ

ᠬᠤᠪᠤᠭᠰᠠᠶᠢᠷ ᠰᠢᠶᠠᠨ ᠤ ᠨᠢᠭᠡᠳᠤᠭᠡᠷ ᠲᠤᠮᠳᠠᠳᠤ ᠰᠤᠷᠭᠠᠭᠤᠯᠢ《ᠵᠠᠩᠭᠠᠷ》 ᠬᠤᠨᠳᠠᠭᠠᠳᠤ ᠭᠤᠷᠪᠠᠨ ᠭᠡᠯᠠᠨ ᠤ ᠤᠷᠠᠨ ᠤᠩᠰᠢᠯᠭ᠎ᠠ ᠶ᠋ᠢᠨ ᠤᠷᠤᠯᠳᠤᠭᠠᠨ ᠶᠠᠪᠤᠭᠳᠠᠭᠤᠯᠪᠠ

2017-12-19 13:32

    ᠰᠢᠨᠬᠤᠧᠠ ᠮᠤᠩᠭᠤᠯ ᠨᠧᠲ   ᠬᠦᠬᠡᠬᠤᠳᠠ ᠶᠢᠨ 12 ᠰᠠᠷ᠎ᠠ ᠶᠢᠨ 19 ᠤ ᠡᠳᠦᠷ ᠤᠨ ᠴᠠᠬᠢᠯᠭᠠᠨ ᠮᠡᠳᠡᠬᠡ   ᠬᠤᠪᠤᠭᠰᠠᠶᠢᠷ ᠮᠤᠩᠭᠤᠯ ᠦᠪᠠᠷᠳᠠᠭᠡᠨ ᠵᠠᠰᠬᠤ ᠰᠢᠶᠠᠨ ᠤ ᠨᠢᠭᠡᠳᠤᠭᠡᠷ ᠲᠤᠮᠳᠠᠳᠤ ᠰᠤᠷᠭᠠᠭᠤᠯᠢ ᠨᠠᠮ ‍ᠤᠨ ᠠᠷᠪᠠᠨ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶ᠋ᠢ ᠰᠤᠷᠤᠯᠴᠠᠨ ᠲᠤᠤᠱᠯᠠᠭᠤᠯᠤᠨ ᠨᠠᠶᠢᠳᠠᠪᠤᠷᠢᠵᠢᠭᠤᠯᠵᠤ᠂《12.9》 ᠤ ᠤᠯᠤᠰ ᠪᠠᠨ ᠬᠠᠶᠢᠷᠯᠠᠬᠤ ᠦᠵᠠᠯ ‍ᠤᠨ ᠭᠦᠳᠠᠯᠭᠡᠭᠡᠨ ᠢ ᠲᠤᠷᠠᠰᠬᠠᠵᠤ᠂ 《ᠵᠠᠩᠭᠠᠷ》 ᠬᠤᠨᠳᠠᠭᠠᠳᠤ ᠮᠤᠩᠭᠤᠯ᠂ ᠭᠢᠳᠠᠳ᠂ ᠠᠩᠭ᠍ᠯᠢ ᠭᠤᠷᠪᠠᠨ ᠭᠡᠯᠠᠨ ᠤ ᠤᠷᠠᠨ ᠤᠩᠰᠢᠯᠭ᠎ᠠ ᠶ᠋ᠢᠨ ᠤᠷᠤᠯᠳᠤᠭᠠᠨ ᠶᠠᠪᠤᠭᠤᠯᠪᠠ᠃ ᠰᠤᠷᠠᠭᠠᠭᠤᠯᠢ ᠡᠴᠠ ᠰᠢᠶᠠᠨ ᠤ ᠰᠤᠷᠭᠠᠨ ᠭᠦᠮᠤᠵᠢᠯ ‍ᠤᠨ ᠲᠤᠪᠴᠢᠶ᠎ᠠ᠂ ᠬᠤᠶᠠᠳᠤᠭᠠᠷ ᠲᠤᠮᠳᠠᠳᠤ ᠰᠤᠷᠭᠠᠭᠤᠯᠢ᠂ ᠭᠤᠷᠪᠠᠳᠤᠭᠠᠷ ᠲᠤᠮᠳᠠᠳᠤ ᠰᠤᠷᠭᠠᠭᠤᠯᠢ᠂ ᠪᠠᠯᠭᠠᠰᠤᠨ ᠤ ᠬᠠᠷᠢᠶᠠᠳᠤ ᠪᠠᠭ᠎ᠠ ᠰᠤᠷᠭᠠᠭᠤᠯᠢ ᠵᠠᠷᠭᠡ ᠠᠬ᠎ᠠ ᠲᠠᠭᠦᠤ ᠰᠤᠷᠭᠠᠭᠤᠯᠢ ᠶ᠋ᠢᠨ ᠪᠠᠭᠰᠢ ᠪᠠ ᠰᠤᠶᠤᠯ ᠲᠠᠮᠢᠷ ᠷᠠᠳᠢᠣ᠋ ᠺᠢᠨᠣ᠋‍ ᠲᠧᠯᠧᠶ᠋ᠰ ‍ᠤᠨ ᠲᠤᠪᠴᠢᠶᠠᠨ ᠤ ᠲᠤᠰᠬᠠᠢ ᠮᠠᠷᠭᠡᠵᠢᠯ ‍ᠤᠨ ᠪᠠᠭᠰᠢ ᠨᠠᠷ ‍ᠢ ᠲᠤᠰ ᠤᠷᠤᠯᠳᠤᠭᠠᠨ ᠤ ᠭᠢᠨᠠᠭᠴᠢ ᠪᠠᠷ ᠤᠷᠢᠨ ᠵᠠᠯᠠᠪᠠ᠃

    ᠲᠤᠰ ᠤᠷᠤᠯᠳᠤᠭᠠᠨ ᠳ᠋ᠤ ᠨᠠᠶᠢᠳᠠ 17 ᠰᠤᠷᠤᠭᠴᠢ ᠤᠷᠤᠯᠴᠠᠵᠤ᠂ ᠤᠷᠤᠯᠴᠠᠭᠴᠢ ᠨᠠᠷ ᠨᠠᠮ ‍ᠤᠨ ᠠᠷᠪᠠᠨ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠠᠨᠠᠭ᠎ᠠ ᠤ ᠠᠭᠤᠯᠭ᠎ᠠ ᠪᠠ ᠰᠢ ᠵᠢᠨ ᠫᠢᠩ ᠶᠠᠷᠤᠩᠭᠡᠢ ᠱᠦᠵᠢ ᠶ᠋ᠢᠨ ᠶᠠᠷᠢᠶᠠᠨ ᠤ ᠭᠤᠤᠯ ᠠᠭᠤᠯᠭ᠎ᠠ᠂ 《ᠨᠢᠭᠡ ᠪᠦᠰᠠ ᠨᠢᠭᠡ ᠵᠠᠮ》᠂ 《ᠦᠨᠳᠤᠰᠤᠳᠠᠨ ᠪᠦᠭᠦᠨ ᠨᠢᠭᠡ ᠭᠡᠷ》ᠵᠠᠷᠭᠡ ᠨᠠᠶᠢᠭᠡᠮ ‍ᠤᠨ ᠭᠤᠤᠯᠳᠠᠯᠭ᠎ᠠ ᠲᠠᠢ ᠠᠭᠤᠯᠭ᠎ᠠ ᠡᠴᠠ ᠰᠠᠳᠤᠪ ᠠᠪᠴᠤ᠂ ᠭᠤᠷᠪᠠᠨ ᠭᠡᠯᠠ ᠪᠠᠷ ᠤᠷᠤᠰᠤᠮ᠎ᠠ ᠲᠤᠳᠤ ᠶᠠᠷᠢᠵᠤ ᠮᠦᠷᠤᠶᠢᠴᠠᠪᠠ᠂ ᠤᠷᠤᠯᠳᠤᠭᠠᠨ ᠤ ᠲᠤᠮᠳᠠ ᠪᠠᠰᠠ ᠵᠠᠩᠭᠠᠷ ᠬᠠᠶᠢᠯᠬᠤ᠂ ᠰᠠᠪᠠᠷᠳᠠᠩ ᠪᠦᠵᠢᠭ ᠪᠦᠵᠢᠭᠯᠠᠭᠦ᠂ ᠲᠠᠭᠤᠤ ᠲᠠᠭᠤᠯᠠᠬᠤ ᠵᠠᠷᠭᠡ ᠪᠠᠷ ᠦᠪᠠᠷ ᠦᠪᠠᠷ ‍ᠤᠨ ᠤᠷ᠎ᠠ ᠠᠪᠢᠶᠠᠰ ᠢᠶᠡᠨ ᠪᠠᠳᠠᠷᠠᠭᠤᠯᠵᠤ᠂ ᠤᠷᠤᠯᠳᠤᠭᠠᠨ ᠤ ᠠᠬᠤᠢ ᠲᠠᠯᠠᠪᠠᠢ ᠶ᠋ᠢᠨ ᠠᠭᠤᠷ ᠠᠮᠢᠰᠬᠤᠯ ‍ᠢ ᠤᠷᠭᠢᠯ ᠳ᠋ᠤᠨᠢ ᠭᠦᠷᠭᠡᠭᠰᠡᠨ ᠪᠠᠶᠢᠨ᠎ᠠ᠃(ᠨᠡᠶᠢᠳᠡᠯᠡᠯ ᠢ ᠬᠤᠪᠤᠭᠰᠠᠶᠢᠷ ᠰᠢᠶᠠᠨ ᠤ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠤᠨ ᠪᠤᠯᠭᠤᠨ᠂ ᠰᠡᠴᠡᠨᠪᠠᠶᠠᠷ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122134458