ᠦᠪᠦᠷ ᠮᠤᠩᠭᠤᠯ ᠤᠨ ᠰᠢᠨ᠎ᠡ ᠡᠷᠴᠢᠮ ᠬᠦᠴᠦᠨ ᠤ ᠮᠠᠰᠢᠨ ᠤ ᠠᠩᠬᠠᠨ ᠤ ᠳ᠋ᠤᠭᠠᠷ ᠮᠡᠨᠳᠦᠯᠡᠯ᠎ᠡ 2017-12-20 15:45

    ᠰᠢᠨᠬᠤᠧᠠ ᠨᠧᠲ   ᠬᠦᠬᠡᠬᠤᠳᠠ ᠶᠢᠨ 12 ᠰᠠᠷ᠎ᠠ ᠵᠢᠨ 20 ᠤ ᠡᠳᠦᠷ ᠤᠨ ᠴᠠᠬᠢᠯᠭᠠᠨ ᠮᠡᠳᠡᠭᠡ (ᠯᠢ ᠬᠦᠧᠧ ᠳ᠋ᠦᠩ᠂ ᠶᠠᠩ ᠳᠡᠭᠷᠢ) 20 ᠤ ᠦᠳᠡ ᠡᠴᠡ ᠡᠮᠦᠨ᠎ᠡ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠨᠢ ᠬᠦᠬᠡᠬᠤᠳᠠ᠂ ᠪᠤᠭᠤᠳᠤ᠂ ᠤᠷᠳᠤᠰ ᠭᠤᠷᠪᠠᠨ ᠬᠤᠳᠠ ᠳᠤ ᠰᠢᠨ᠎ᠡ ᠡᠷᠴᠢᠮ ᠬᠦᠴᠦᠨ ᠤ ᠮᠠᠰᠢᠨ ᠳᠤ ᠳ᠋ᠤᠭᠠᠷ ᠬᠠᠳᠠᠬᠤ ᠠᠵᠢᠯ ᠢ ᠳᠤᠷᠰᠢᠨ ᠡᠬᠢᠯᠡᠬᠦᠯᠪᠡ᠃

 

ᠡᠶᠢᠨᠬᠦ ᠦᠪᠦᠷ ᠮᠤᠩᠭᠤᠯ ᠤᠨ ᠰᠢᠨ᠎ᠡ ᠡᠷᠴᠢᠮ ᠬᠦᠴᠦᠨ ᠤ ᠮᠠᠰᠢᠨ ᠤ ᠠᠩᠬᠠᠨ ᠤ ᠳ᠋ᠤᠭᠠᠷ - 蒙AD17888 ᠮᠡᠨᠳᠦᠯᠡᠯ᠎ᠡ᠃ (ᠵᠢᠷᠤᠭ ᠢ ᠶᠠᠩ ᠳᠡᠭᠷᠢ)

    ᠰᠢᠨ᠎ᠡ ᠡᠷᠴᠢᠮ ᠬᠦᠴᠦᠨ ᠤ ᠮᠠᠰᠢᠨ ᠤ ᠳ᠋ᠤᠭᠠᠷ ᠨᠢ ᠵᠢᠷᠭᠤᠭᠠᠨ ᠤᠷᠤᠨ ᠲᠠᠢ᠂ ᠡᠬᠦᠨ ᠳᠤ ᠴᠠᠬᠢᠯᠭᠠᠨ ᠰᠢᠨ᠎ᠡ ᠡᠷᠴᠢᠮ ᠬᠦᠴᠦᠨ ᠤ ᠮᠠᠰᠢᠨ ᠤ ᠳ᠋ᠤᠭᠠᠷ ᠨᠢ D ᠢᠶᠡᠷ ᠡᠬᠢᠯᠡᠵᠤ᠂ ᠴᠠᠬᠢᠯᠭᠠᠨ ᠤ ᠪᠤᠰᠤ ᠰᠢᠨ᠎ᠡ ᠡᠷᠴᠢᠮ ᠬᠦᠴᠦᠨ ᠤ ᠮᠠᠰᠢᠨ ᠤ ᠳ᠋ᠤᠭᠠᠷ ᠨᠢ F ᠢᠶᠡᠷ ᠡᠬᠢᠯᠡᠨ᠎ᠡ᠂ ᠳᠦᠯᠦᠪᠦᠷᠢ ᠨᠢ 100 ᠳᠦᠬᠦᠷᠢᠭ᠌᠃

    ᠤᠶᠢᠯᠠᠭᠠᠭᠰᠠᠨ ᠢᠶᠡᠷ᠂ ᠤᠳᠤᠬᠠᠨ ᠳᠤ ᠦᠪᠦᠷ ᠮᠤᠩᠭᠤᠯ ᠨᠡᠶᠢᠳᠡ 7817 ᠰᠢᠨ᠎ᠡ ᠡᠷᠴᠢᠮ ᠬᠦᠴᠦᠨ ᠤ ᠮᠠᠰᠢᠨ ᠲᠠᠢ᠂ ᠭᠤᠷᠪᠠᠨ ᠳᠤᠷᠰᠢᠯᠳᠠ ᠶᠢᠨ ᠬᠤᠳᠠ ᠳᠤ 86.7 ᠬᠤᠪᠢ ᠨᠢ ᠳᠦᠪᠯᠡᠷᠡᠵᠡᠢ᠃ ᠳᠤᠷᠰᠢᠯᠳᠠ ᠶᠢᠨ ᠬᠤᠭᠤᠴᠠᠭ᠎ᠠ ᠳᠠᠭᠤᠰᠤᠭᠰᠠᠨ ᠤ ᠳᠠᠷᠠᠭ᠎ᠠ᠂ ᠰᠢᠨ᠎ᠡ ᠡᠷᠴᠢᠮ ᠬᠦᠴᠦᠨ ᠤ ᠮᠠᠰᠢᠨ ᠳᠤ ᠳ᠋ᠤᠭᠠᠷ ᠬᠠᠳᠠᠬᠤ ᠠᠵᠢᠯ ᠢ 2018 ᠤᠨ ᠤ ᠳᠡᠬᠡᠷ᠎ᠡ ᠬᠠᠭᠠᠰ ᠵᠢᠯ ᠤᠷᠤᠨ ᠲᠠᠶᠠᠭᠠᠷ ᠤᠨ ᠬᠡᠮᠵᠢᠶᠡᠨ ᠳᠤ ᠳᠦᠬᠡᠮᠡᠯᠵᠢᠬᠦᠯᠬᠦ ᠪᠡᠷ ᠪᠤᠢ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701122141234