蒙古文网站Logo
ᠰᠢᠨᠬᠤᠸᠠ ᠮᠤᠩᠭ᠋ᠤᠯ ᠨᠧᠲ

20 ᠤ ᠡᠳᠦᠷ ᠡᠴᠡ ᠡᠬᠢᠯᠡᠨ ᠭᠠᠯᠲᠤ ᠶᠢᠨ ᠲᠠᠰᠤᠯᠪᠤᠷᠢ ᠬᠤᠳᠠᠯᠳᠤᠨ ᠠᠪᠤᠪᠠᠯ ᠬᠤᠪᠢ ᠬᠤᠷᠠᠮᠳᠤᠭᠤᠯᠬᠤ ᠪᠤᠯᠪᠠ

2017-12-21 11:37

    12 ᠰᠠᠷ᠎ᠠ ᠶᠢᠨ 20 ᠤ ᠡᠳᠦᠷ ᠡᠴᠡ ᠡᠬᠢᠯᠡᠨ᠂ ᠲᠠᠮᠦᠷ ᠵᠠᠮ ᠤᠨ ᠪᠠᠶᠢᠩᠭ᠋ᠤ ᠠᠶᠠᠯᠠᠬᠴᠢ ᠬᠡᠰᠢᠬᠦᠨ ᠪᠤᠯᠤᠭᠰᠠᠨ ᠵᠣᠷᠴᠢᠬᠴᠢᠳ ᠭᠠᠯᠲᠤ ᠶᠢᠨ ᠲᠠᠰᠤᠯᠪᠤᠷᠢ ᠬᠤᠳᠠᠯᠳᠤᠨ ᠠᠪᠤᠪᠠᠯ ᠬᠤᠪᠢ ᠤᠯᠬᠤ ᠪᠦᠬᠡᠳ ᠬᠤᠷᠠᠮᠳᠤᠭᠤᠯᠤᠭᠰᠠᠨ ᠬᠤᠪᠢ ᠪᠡᠷ ᠢᠶᠡᠨ ᠲᠠᠰᠤᠯᠪᠤᠷᠢ ᠰᠣᠯᠢᠵᠤ ᠪᠤᠯᠬᠤ ᠪᠤᠯᠪᠠ᠃ 100 ᠬᠤᠪᠢ ᠨᠢ 1 ᠲᠦᠭᠦᠷᠢᠭ᠌ ᠲᠠᠢ ᠲᠡᠩᠴᠡᠨ᠎ᠠ᠃ ᠰᠤᠷᠪᠤᠯᠵᠢᠯᠠᠬᠴᠢ ᠶᠢᠨ ᠠᠩᠬᠠᠷᠤᠭᠰᠠᠨ ᠢᠶᠡᠷ᠂ 12306 ᠨᠧᠲ ᠪᠤᠯᠤᠨ ᠭᠠᠷ ᠤᠳᠠᠰᠤᠨ APP ᠳᠡᠭᠡᠷ᠎ᠡ ᠤᠯᠠᠨ ᠡᠬᠡᠯᠵᠢ ᠶᠢᠨ ᠭᠠᠯᠲᠤ《ᠰᠣᠯᠢᠬᠤ》ᠭᠡᠰᠡᠨ ᠦᠰᠦᠭ ᠢᠯᠡᠷᠡᠨ᠎ᠡ᠃ ᠬᠤᠷᠠᠮᠳᠤᠭᠤᠯᠤᠭᠰᠠᠨ ᠬᠤᠪᠢ ᠨᠢ ᠲᠠᠰᠤᠯᠪᠤᠷᠢ ᠰᠣᠯᠢᠬᠤ ᠨᠦᠬᠦᠴᠡᠯ ᠳᠤ ᠨᠡᠶᠢᠴᠡᠭᠰᠡᠨ ᠵᠣᠷᠴᠢᠬᠴᠢᠳ《ᠰᠣᠯᠢᠬᠤ》ᠦᠰᠦᠭ ᠢᠯᠡᠷᠡᠭᠰᠡᠨ ᠭᠠᠯᠲᠤ ᠶᠢᠨ ᠲᠠᠰᠤᠯᠪᠤᠷᠢ ᠶᠢ ᠰᠣᠯᠢᠵᠤ ᠪᠤᠯᠤᠨ᠎ᠠ᠂ ᠬᠡᠪᠡᠴᠤ ᠬᠤᠷᠠᠮᠳᠤᠭᠤᠯᠤᠭᠰᠠᠨ ᠬᠤᠪᠢ ᠪᠤᠯᠤᠨ ᠪᠡᠯᠡᠡ ᠮᠦᠩᠬᠦ ᠶᠢ ᠬᠠᠮᠲᠤ  ᠵᠠᠷᠤᠵᠤ ᠪᠤᠯᠬᠤ ᠦᠬᠡᠢ ᠬᠡᠵᠤ ᠲᠠᠮᠦᠷ ᠵᠠᠮ ᠤᠨ ᠰᠠᠯᠠᠭ᠎ᠠ ᠮᠦᠴᠢᠷ ᠤᠨ ᠬᠢᠨ ᠢᠯᠡᠷᠬᠡᠶᠢᠯᠡᠭᠰᠡᠨ ᠪᠠᠶᠢᠨ᠎ᠠ᠃

    20 ᠤ ᠡᠳᠦᠷ ᠡᠴᠡ ᠡᠬᠢᠯᠡᠨ᠂ ᠪᠦᠬᠦᠯᠢ 12 ᠨᠠᠰᠤ ᠬᠦᠷᠦᠭᠰᠡᠳ 12306 ᠨᠧᠲ (ᠭᠠᠷ ᠤᠳᠠᠰᠤᠨ APP  ᠪᠠᠬᠲᠠᠨ᠎ᠠ)᠂ ᠭᠠᠯᠲᠤ ᠶᠢᠨ ᠦᠷᠲᠡᠬᠡᠨ ᠤ ᠲᠠᠰᠤᠯᠪᠤᠷᠢ ᠬᠤᠳᠠᠯᠳᠤᠬᠤ ᠲᠤᠰᠬᠠᠢ ᠴᠤᠩᠬᠤ ᠵᠡᠷᠭᠡ ᠲᠠᠮᠦᠷ ᠵᠠᠮ ᠤᠨ ᠰᠠᠯᠠᠭ᠎ᠠ ᠮᠦᠴᠢᠷ ᠡᠴᠡ ᠬᠠᠩ᠋ᠭᠠᠬᠰᠠᠨ ᠠᠷᠭ᠎ᠠ ᠵᠠᠮ ᠢᠶᠡᠷ ᠪᠡᠶ᠎ᠠ ᠶᠢᠨ ᠦᠨᠡᠮᠯᠡᠬᠦ ᠪᠡᠨ ᠪᠠᠲᠤᠯᠠᠭᠠᠵᠢᠭᠤᠯᠬᠤ ᠪᠡᠷ ᠭᠤᠶᠤᠴᠢᠯᠠᠬᠤ ᠶᠢᠨ ᠵᠡᠷᠭᠡᠴᠡᠭᠡ ᠵᠦᠪᠰᠢᠶᠡᠷᠡᠭᠳᠡᠭᠰᠡᠨ ᠤ ᠳᠠᠷᠠᠭ᠎ᠠ《ᠲᠠᠮᠦᠷ ᠵᠠᠮ ᠤᠨ ᠰᠠᠭᠠᠳ ᠦᠬᠡᠢ ᠠᠶᠠᠯᠠᠯ》 ᠤᠨ ᠪᠠᠶᠢᠩᠭ᠋ᠤ ᠠᠶᠠᠯᠠᠬᠴᠢ ᠬᠡᠰᠢᠬᠦᠨ ᠪᠤᠯᠤᠨ᠎ᠠ᠃ ᠲᠠᠮᠦᠷ ᠵᠠᠮ ᠤᠨ ᠪᠠᠶᠢᠨᠭᠭᠤ ᠠᠶᠠᠯᠠᠬᠴᠢ ᠬᠡᠰᠢᠬᠦᠨ ᠭᠠᠯᠲᠤ ᠶᠢᠨ ᠲᠠᠰᠤᠯᠪᠤᠷᠢ ᠬᠤᠳᠠᠯᠳᠤᠨ ᠠᠪᠬᠤ ᠳᠤ ᠲᠠᠰᠤᠯᠪᠤᠷᠢ ᠶᠢᠨ ᠬᠠᠩᠰᠢ ᠶᠢᠨ ᠬᠢᠨᠢ 5 ᠲᠠᠬᠢᠨ ᠢᠶᠡᠷ ᠬᠤᠪᠢ ᠳᠡᠮᠳᠡᠭᠯᠡᠵᠤ ᠦᠭ᠍ᠭᠦᠨ᠎ᠠ(ᠳᠠᠷᠤᠢ ᠵᠣᠷᠴᠢᠬᠴᠢ 100 ᠲᠦᠭᠦᠷᠢᠭ᠌ ᠤᠨ ᠲᠠᠰᠤᠯᠪᠤᠷᠢ ᠬᠤᠳᠠᠯᠳᠤᠨ ᠠᠪᠤᠭᠰᠠᠨ ᠪᠤᠯ 500 ᠬᠤᠪᠢ ᠲᠡᠮᠳᠡᠭᠯᠡᠵᠤ ᠦᠭ᠍ᠭᠦᠨ᠎ᠠ)᠂ ᠬᠤᠷᠠᠮᠳᠤᠭᠤᠯᠤᠭᠰᠠᠨ ᠬᠤᠪᠢ ᠨᠢ ᠠᠩᠬ᠎ᠠ 10000  ᠶ᠋ᠢ ᠳᠠᠪᠠᠪᠠᠯ ᠲᠡᠬᠦᠨ ᠢᠶᠡᠷ ᠢᠶᠡᠨ ᠲᠠᠮᠤᠷ ᠵᠠᠮ ᠤᠨ ᠰᠠᠯᠠᠭ᠎ᠠ ᠮᠦᠴᠢᠷ ᠡᠴᠡ ᠲᠤᠭᠲᠠᠭᠠᠭᠰᠠᠨ ᠵᠠᠷᠢᠮ ᠡᠬᠡᠯᠵᠢ ᠶᠢᠨ ᠭᠠᠯᠲᠤ ᠶᠢᠨ ᠲᠠᠰᠤᠯᠪᠤᠷᠢ ᠶᠢ ᠰᠣᠯᠢᠨ ᠠᠪᠴᠤ ᠪᠤᠯᠤᠨ᠎ᠠ᠃

    ᠤᠶᠢᠯᠠᠭᠠᠭᠰᠠᠨ ᠢᠶᠡᠷ᠂ ᠬᠤᠷᠠᠮᠳᠤᠭᠤᠯᠤᠭᠰᠠᠨ ᠬᠤᠪᠢ ᠪᠡᠷ ᠰᠣᠯᠢᠬᠰᠠᠨ ᠲᠠᠰᠤᠯᠪᠤᠷᠢ ᠪᠠᠨ ᠬᠡᠬᠡᠴᠢᠬᠡᠪᠡᠯ ᠨᠦᠬᠦᠪᠦᠷᠢᠯᠡᠬᠦ ᠪᠤᠶᠤ ᠶᠠᠪᠤᠬᠤ ᠬᠤᠭᠤᠴᠠᠭ᠎ᠠ ᠪᠡᠨ ᠥᠭᠡᠷᠡᠴᠢᠯᠡᠵᠤ ᠪᠤᠯᠤᠨ᠎ᠠ (ᠬᠦᠷᠬᠦ ᠥᠷᠲᠡᠬᠡ ᠪᠡᠨ ᠥᠭᠡᠷᠡᠴᠢᠯᠡᠵᠤ ᠪᠤᠯᠬᠤ ᠦᠬᠡᠢ)᠂ ᠶᠡᠷᠦ ᠶᠢᠨ ᠪᠠᠶᠢᠳᠠᠯ ᠳᠤ ᠲᠠᠰᠤᠯᠪᠤᠷᠢ ᠪᠡᠨ ᠪᠤᠴᠠᠭᠠᠬᠤ ᠶᠢ ᠵᠦᠪᠰᠢᠶᠡᠷᠡᠬᠦ ᠦᠬᠡᠢ᠂ ᠬᠡᠪᠡᠴᠤ ᠭᠠᠢ ᠭᠠᠮᠰᠢᠬ ᠪᠤᠶᠤ ᠲᠠᠮᠦᠷ ᠵᠠᠮ ᠤᠨ ᠬᠠᠷᠢᠭᠤᠴᠠᠯᠭ᠎ᠠ ᠡᠴᠡ ᠪᠤᠯᠤᠭᠰᠠᠨ ᠤᠨᠴᠠᠭᠠᠢ ᠪᠠᠶᠢᠳᠠᠯ ᠲᠠᠢ ᠪᠤᠯ ᠲᠠᠰᠤᠯᠪᠤᠷᠢ ᠪᠤᠴᠠᠭᠠᠬᠤ ᠶᠢ ᠵᠦᠪᠰᠢᠶᠠᠷᠠᠵᠤ᠂ ᠵᠠᠷᠤᠴᠠᠭᠤᠯᠤᠭᠰᠠᠨ ᠬᠤᠪᠢ ᠨᠢ ᠳᠠᠬᠢᠨᠲᠠ ᠬᠡᠰᠢᠬᠦᠨ ᠤ ᠳᠠᠩᠰᠠᠨ ᠳᠤ ᠪᠤᠴᠠᠬᠤ ᠶᠢᠨ ᠬᠠᠮᠲᠤ ᠬᠦᠴᠦᠨ ᠲᠠᠢ ᠬᠤᠭᠤᠴᠠᠭ᠎ᠠ ᠶᠢ ᠡᠬᠢᠯᠡᠵᠤ ᠪᠤᠳᠤᠨ᠎ᠠ᠃ ᠬᠤᠷᠠᠮᠳᠤᠭᠤᠯᠤᠭᠰᠠᠨ ᠬᠤᠪᠢ ᠶᠢᠨ ᠬᠦᠴᠦᠨ ᠲᠠᠢ ᠬᠤᠭᠤᠴᠠᠭ᠎ᠠ ᠨᠢ 12 ᠰᠠᠷ᠎ᠠ᠃ ᠨᠠᠷᠢᠨ ᠪᠠᠶᠢᠳᠠᠯ ᠢ 12306 ᠨᠧᠲ᠂ 12306 ᠥᠢᠯᠡᠴᠢᠯᠡᠬᠡᠨ ᠤ ᠤᠳᠠᠰᠤ ᠪᠤᠶᠤ ᠭᠠᠯᠲᠤ ᠲᠡᠷᠬᠡᠨ ᠦᠷᠲᠡᠬᠡᠨ ᠤ ᠲᠠᠰᠤᠯᠪᠤᠷᠢ ᠬᠤᠳᠠᠯᠳᠤᠬᠤ ᠲᠤᠰᠬᠠᠢ ᠴᠤᠩᠬᠤ ᠡᠴᠡ ᠯᠠᠪᠯᠠᠭᠠᠷᠠᠢ!

ᠢᠷᠡᠯᠳᠡ᠄ ᠪᠡᠭᠡᠵᠢᠩ ᠤᠨ ᠵᠠᠯᠠᠭᠤᠴᠤᠳ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122146107