蒙古文网站Logo
ᠰᠢᠨᠬᠤᠸᠠ ᠮᠤᠩᠭ᠋ᠤᠯ ᠨᠧᠲ

ᠬᠤᠪᠤᠭᠰᠠᠶᠢᠷ ᠮᠤᠡᠭᠭᠤᠯ ᠦᠪᠡᠷᠳᠡᠭᠡᠨ ᠵᠠᠰᠠᠬᠤ ᠰᠢᠶᠠᠨ ᠰᠢᠨ᠎ᠡ ᠤᠨ ᠢᠶᠡᠨ ᠤᠳᠬ᠎ᠠ ᠳᠡᠬᠦᠯᠳᠡᠷ ᠤᠭᠳᠤᠪᠠ

2018-01-01 15:30

    ᠰᠢᠨᠬᠤᠧᠠ ᠮᠤᠩᠭᠤᠯ ᠨᠧᠲ   ᠬᠦᠬᠡᠬᠤᠳᠠ ᠶᠢᠨ 12 ᠰᠠᠷ᠎ᠠ ᠶᠢᠨ 31 ᠤ ᠡᠳᠦᠷ ᠤᠨ ᠴᠠᠬᠢᠯᠭᠠᠨ ᠮᠡᠳᠡᠬᠡ   2017 ᠤᠨ ‍ᠦ 12 ᠰᠠᠷ᠎ᠠ ᠶ᠋ᠢᠨ 30 ᠤ ᠤᠷᠤᠢ᠂ ᠰᠢᠨᠵᠢᠶᠠᠩ ᠤᠨ ᠬᠤᠪᠤᠭᠰᠠᠶᠢᠷ ᠮᠤᠡᠭᠭᠤᠯ ᠦᠪᠡᠷᠳᠡᠭᠡᠨ ᠵᠠᠰᠠᠬᠤ ᠰᠢᠶᠠᠨ《ᠪᠠᠶᠠᠷ ᠪᠠᠶᠠᠰᠬᠤᠯᠠᠡᠭ ᠲᠠᠢ ᠭᠡᠷ ᠪᠦᠯᠢ᠂ ᠠᠷᠠᠳ ᠤᠯᠠᠨ ‍ᠦ ᠰᠢᠨ᠎ᠠ ᠵᠢᠯ ‍ᠤᠨ ᠦᠳᠡᠰᠢᠯᠡᠭᠡ》 ᠭᠡᠮᠡᠭᠦ ᠤᠳᠬ᠎ᠠ ᠤᠷᠠᠯᠢᠭ ‍ᠤᠨ ᠦᠳᠡᠰᠢᠯᠡᠭᠡ ᠵᠤᠬᠢᠶᠠᠨ ᠪᠠᠶᠢᠭᠤᠯᠵᠤ ᠰᠢᠨ᠎ᠡ ᠤᠨ ᠢᠶᠡᠨ ᠤᠳᠬ᠎ᠠ ᠳᠡᠬᠦᠯᠳᠡᠷ ᠤᠭᠳᠤᠯ᠎ᠠ᠃

    ᠤᠶᠢᠯᠠᠭᠠᠭᠰᠠᠨ ᠢᠶᠡᠷ᠂ ᠡᠨᠡᠬᠦ ᠦᠳᠡᠰᠢᠯᠡᠭᠡ ᠶ᠋ᠢ ᠬᠤᠪᠤᠭᠰᠠᠶᠢᠷ ᠰᠢᠶᠠᠨ ‍ᠦ ᠨᠠᠮ ‍ᠤᠨ ᠬᠤᠷᠢᠶ᠎ᠠ᠂ ᠵᠠᠰᠠᠭ ‍ᠤᠨ ᠤᠷᠳᠤᠨ ᠡᠴᠠ ᠰᠠᠨᠠᠭᠠᠴᠢᠯᠠᠵᠤ᠂ ᠰᠢᠶᠠᠨ ‍ᠦ ᠤᠬᠠᠭᠤᠯᠬᠤ ᠬᠡᠯᠳᠡᠰ᠂ ᠰᠤᠶᠤᠯ ᠲᠧᠯᠧᠶ᠋ᠰ ‍ᠤᠨ ᠲᠤᠪᠴᠢᠶ᠎ᠠ᠂ ᠤᠳᠬ᠎ᠠ ᠤᠷᠠᠯᠢᠭᠴᠢᠳ ‍ᠤᠨ ᠬᠤᠯᠪᠤᠭ᠎ᠠ ᠡᠴᠠ ᠵᠤᠬᠢᠶᠠᠨ ᠪᠠᠶᠢᠭᠤᠯᠵᠤ᠂ ᠲᠤᠰ ᠰᠢᠶᠠᠨ ‍ᠦ ᠵᠠᠡᠭᠭᠠᠷ ᠤᠷᠠᠯᠢᠭ ‍ᠤᠨ ᠪᠦᠯᠬᠦᠮ ‍ᠤᠨ ᠲᠤᠭᠯᠠᠭᠴᠢᠳ ᠵᠢᠴᠢ ᠡᠯ᠎ᠡ ᠰᠤᠷᠭᠠᠭᠤᠯᠢ ᠶ᠋ᠢᠨ ᠤᠳᠬ᠎ᠠ ᠤᠷᠠᠯᠢᠭ ‍ᠤᠨ ᠪᠠᠭ᠎ᠠ ᠳᠤᠭᠤᠶᠢᠯᠠᠡᠭ ‍ᠤᠨ ᠲᠤᠭᠯᠠᠭᠴᠢᠳ᠂ ᠰᠢᠶᠠᠨ ‍ᠦ ᠨᠠᠰᠤᠳᠠᠢ ᠺᠠᠳ᠋ᠷᠴᠤᠳ ‍ᠤᠨ ᠲᠤᠭᠯᠠᠯᠳᠠ ᠶ᠋ᠢᠨ ᠠᠡᠭᠭᠢ ᠡᠴᠡ ᠦᠷᠨᠢᠨ ᠬᠦᠭᠵᠢᠭᠰᠠᠨ ᠡᠭᠡ ᠤᠷᠤᠨ ᠢᠶᠡᠨ ᠮᠠᠭᠳᠠᠨ ᠳᠠᠭᠤᠯᠠᠵᠤ ᠤᠶᠠᠡᠭᠭᠠᠯᠠᠨ ᠰᠢᠯᠦᠭᠯᠡᠭᠰᠡᠨ᠂ ᠦᠨᠳᠦᠰᠦᠳᠡᠨ ‍ᠦ ᠨᠢᠭᠳᠠᠷᠠᠯ ᠪᠦᠯᠬᠦᠮᠳᠡᠯ ‍ᠢ ᠳᠤᠰᠬᠠᠭᠰᠠᠨ᠂ ᠴᠠᠭ ᠦᠶ᠎ᠡ ᠠᠶᠢᠵᠢᠮ ᠴᠤᠭᠢᠯᠭ᠎ᠠ ᠪᠡᠷ ᠪᠢᠯᠬᠠᠭᠰᠠᠨ᠂ ᠤᠶᠠᠡᠭᠭ᠎ᠠ ᠢᠷᠠᠭᠤ ᠳᠠᠭᠤᠤ᠂ ᠤᠷᠠᠨ ᠪᠦᠵᠢᠭ᠌᠂ ᠰᠡᠳᠬᠢᠯ ᠭᠦᠪᠪᠦᠯᠵᠡᠬᠦᠯᠦᠭᠰᠡᠨ ᠮᠤᠷᠢᠨ ᠬᠤᠭᠤᠷ ‍ᠤᠨ ᠬᠦᠭᠬᠢᠨᠠᠮ᠎ᠠ ᠠᠶ᠎ᠠ ᠪᠡᠷ ᠢᠶᠡᠨ ᠭᠦᠷᠦᠯᠴᠡᠨ ᠢᠷᠡᠭᠰᠡᠨ 700 ᠭᠠᠷᠤᠢ ᠦᠵᠡᠭᠴᠢ ᠤᠯᠠᠨ ᠤ ᠤᠷᠮ᠎ᠠ ᠪᠠᠬ᠎ᠠ ᠶ᠋ᠢ ᠭᠦᠭᠵᠢᠭᠡᠪᠠ᠃

    ᠠᠵᠢᠯ ᠤᠨ ᠠᠮᠠᠷᠠᠯᠳᠠ ᠪᠡᠨ ᠠᠪᠤᠭᠰᠠᠨ ᠠᠬᠠᠮᠠᠳ ᠺᠠᠳ᠋ᠷ ᠫᠦᠷᠪᠤᠵᠠᠪ᠂ ᠪᠢ ᠡᠨᠡ ᠵᠢᠯ 66 ᠨᠠᠰᠤᠳᠠᠢ᠂ ᠤᠤᠯ ᠨᠢ ᠱᠠᠭᠠᠵᠠᠶᠢᠳᠤ ᠰᠤᠮᠤᠨ ᠤ ᠮᠤᠩᠭᠤᠯ ᠰᠤᠷᠭᠠᠭᠤᠯᠢ ᠶ᠋ᠢᠨ ᠪᠠᠭᠰᠢ ᠪᠠᠶᠢᠯ᠎ᠠ᠃ ᠦᠨᠤᠳᠤᠷ ᠪᠢᠳᠠ ᠨᠠᠨ ᠭᠦᠳᠠᠯᠭᠡᠭᠡᠨ ᠳ᠋ᠤ ᠤᠷᠤᠯᠴᠠᠭᠠᠳ ᠰᠠᠳᠭᠢᠯ ᠮᠠᠰᠢ ᠦᠨᠳᠤᠷ ᠪᠠᠶᠢᠨ᠎ᠠ᠂ ᠤᠤᠯ ᠨᠢ ᠠᠷᠠᠳ ᠲᠦᠮᠠᠨ ᠤ ᠲᠤᠰᠬᠠᠢ ᠲᠤᠭᠯᠠᠯᠠᠳᠠ ᠭᠡᠵᠤ ᠪᠠᠶᠢᠬᠰᠡᠨ ᠦᠭᠡᠢ᠂ ᠭᠡᠳᠠᠯ᠎ᠠ ᠦᠨᠤᠳᠤᠷ ᠨᠠᠮ ᠵᠠᠰᠠᠭ ‍ᠤᠨ ᠬᠠᠶᠢᠷ᠎ᠠ ᠠᠴᠢ ᠪᠠᠷ ᠪᠢᠳᠠ ᠪᠠᠰᠠ ᠲᠠᠶᠢᠰᠠᠨ ᠲᠠᠭᠡᠷ᠎ᠠ ᠭᠠᠷᠴᠤ ᠦᠪᠠᠷ ‍ᠤᠨ ᠤᠷ᠎ᠠ ᠠᠪᠢᠶᠠᠰ ᠢᠶᠡᠨ ᠪᠠᠳᠠᠷᠠᠭᠤᠯᠬᠤ ᠪᠠᠷ ᠪᠠᠷᠠᠬᠤ ᠦᠭᠡᠢ ᠪᠠᠶ᠎ᠠ ᠴᠤᠭᠴᠠᠰ ᠢᠶᠡᠨ ᠪᠤᠯᠪᠠᠰᠤᠷᠠᠭᠤᠯᠤᠨ᠂ ᠮᠦᠨ ᠴᠤ ᠡᠨᠡ ᠤᠳᠠᠭᠠᠨ ᠤ ᠲᠤᠭᠯᠠᠯᠳᠠ ᠨᠢ ᠠᠷᠠᠳ ᠲᠦᠮᠠᠨ ᠤ ᠠᠮᠢᠳᠤᠷᠠᠯ ᠡᠳᠤᠷ ᠡᠴᠠ ᠡᠳᠤᠷ ᠲᠤ ᠰᠠᠶᠢᠵᠢᠷᠠᠵᠤ ᠪᠠᠶᠢᠭ᠎ᠠ ᠶ᠋ᠢ ᠢᠯᠠᠷᠭᠡᠶᠢᠯᠠᠵᠤ ᠪᠠᠶᠢᠨ᠎ᠠ ᠬᠡᠯ᠎ᠡ᠃ ᠰᠢᠶᠠᠨ ᠤ ᠨᠢᠭᠡᠳᠤᠭᠡᠷ ᠲᠤᠮᠳᠠᠳᠤ ᠰᠤᠷᠭᠠᠭᠤᠯᠢ ᠶ᠋ᠢᠨ ᠰᠤᠷᠤᠭᠴᠢ ᠤᠶᠤᠳᠤ᠂ ᠨᠠᠨ ᠤᠳᠠᠭᠠᠨ ᠤ ᠰᠢᠨ᠎ᠠ ᠵᠢᠯ ᠢᠶᠡᠨ ᠤᠭᠳᠤᠬᠤ ᠭᠦᠳᠠᠯᠭᠡᠭᠡᠨ ᠳ᠋ᠤ ᠤᠷᠤᠯᠴᠠᠵᠤ ᠦᠪᠠᠷ ‍ᠤᠨ ᠢᠳᠠᠭᠡᠯ ᠵᠤᠷᠢᠭ ᠢᠶᠡᠨ ᠤᠯᠠᠮ ᠴᠤ ᠭᠦᠪᠴᠢᠯᠠᠨ᠂ ᠦᠪᠠᠷ ‍ᠤᠨ ᠪᠠᠶ᠎ᠠ ᠳ᠋ᠤ ᠪᠠᠨ ᠢᠳᠠᠭᠡᠯ ᠲᠠᠢ ᠪᠤᠯᠪᠠ᠂ ᠮᠦᠨ ᠴᠤ ᠪᠢᠳᠠᠨ ‍ᠢ ᠲᠠᠭᠠᠭᠤᠯᠤᠨ ᠵᠢᠯᠤᠭᠤᠳᠴᠤ ᠪᠠᠶᠢᠭ᠎ᠠ ᠪᠠᠭᠰᠢ ᠳ᠋ᠠᠭᠠᠨ ᠲᠠᠯᠠᠷᠠᠬᠠᠯ᠎ᠠ᠂ ᠢᠷᠠᠭᠦ ᠭᠡᠵᠤ ᠪᠠᠶᠢᠭ᠎ᠠ 2018 ᠤᠨ ᠳ᠋ᠤ ᠲᠠ ᠪᠦᠭᠦᠨ ᠤ ᠡᠷᠠᠭᠦᠯ ᠮᠠᠨᠳᠤ ᠰᠠᠶᠢᠨ ᠰᠠᠶᠢᠬᠠᠨ ᠢ ᠭᠦᠰᠠᠶ᠎ᠠ ᠬᠡᠪᠡ᠃ (ᠨᠡᠶᠢᠳᠡᠯᠡᠯ ᠢ ᠬᠤᠪᠤᠭᠰᠠᠶᠢᠷ ᠰᠢᠶᠠᠨ ᠤ ᠨᠠᠮ ᠤᠨ ᠬᠤᠷᠢᠶ᠎ᠠ ᠶᠢᠨ ᠤᠬᠠᠭᠤᠯᠬᠤ ᠭᠡᠯᠳᠠᠰ ‍ᠤᠨ ᠪᠤᠯᠭᠤᠨ᠂ ᠭᠦ•ᠲᠤᠭᠠᠷᠵᠠᠪ᠂ ᠵᠢᠷᠤᠭ ᠢ ᠾᠧ ᠴᠧᠩ ᠴᠢᠶᠠᠩ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122194091