蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ ᠤᠨ ᠳᠤᠯᠤᠳᠤᠭᠠᠷ ᠬᠤᠭᠤᠴᠠᠭᠠᠨ ᠤ ᠬᠠᠷᠪᠢᠨ ᠤ ᠤᠯᠠᠨ ᠤᠯᠤᠰ ᠤᠨ ᠤᠬᠰᠠᠷᠠᠭ᠎ᠠ ᠮᠦᠰᠦᠨ ᠱᠤᠭᠤᠮᠠᠯ ᠤᠨ ᠲᠡᠮᠡᠴᠡᠭᠡᠨ ᠬᠠᠭᠠᠯᠲᠠ ᠪᠡᠨ ᠬᠢᠪᠡ

2018-01-05 11:15

 

ᠮᠠᠩᠯᠠᠶᠢᠯᠠᠬᠰᠠᠨ ᠪᠦᠲᠦᠬᠡᠯ 《ᠤᠷᠴᠢᠯᠠᠩ ᠤᠨ ᠮᠠᠨᠳᠤᠯ》

    1 ᠰᠠᠷ᠎ᠠ ᠶᠢᠨ 4 ᠤ ᠡᠳᠦᠷ᠂ ᠳᠤᠮᠳᠠᠳᠤ ᠤᠯᠤᠰ ᠤᠨ ᠳᠤᠯᠤᠳᠤᠭᠠᠷ ᠬᠤᠭᠤᠴᠠᠭᠠᠨ ᠤ ᠬᠠᠷᠪᠢᠨ ᠤ ᠤᠯᠠᠨ ᠤᠯᠤᠰ ᠤᠨ ᠤᠬᠰᠠᠷᠠᠭ᠎ᠠ ᠮᠦᠰᠦᠨ ᠱᠤᠭᠤᠮᠠᠯ ᠤᠨ ᠲᠡᠮᠡᠴᠡᠭᠡᠨ ᠬᠠᠷᠪᠢᠨ ᠤ ᠮᠦᠰᠦ ᠴᠠᠰᠤᠨ ᠤ ᠲᠤᠮᠤ ᠶᠢᠷᠲᠢᠨᠴᠤ ᠶᠢᠨ ᠬᠦᠷᠢᠶᠡᠯᠡᠩ ᠳᠤ ᠬᠠᠭᠠᠯᠲᠠ ᠪᠡᠨ ᠬᠢᠪᠠ᠃ ᠮᠦᠰᠦ ᠱᠤᠭᠤᠬᠤ ᠮᠡᠷᠭᠡᠵᠢᠯ ᠢᠶᠡᠷ ᠲᠦᠷᠦᠭᠦᠯᠡᠭᠰᠡᠨ ᠤᠯᠤᠰ ᠤᠷᠤᠨ ᠤ ᠮᠠᠰᠢ ᠤᠯᠠᠨ ᠲᠦᠯᠦᠭᠡᠯᠡᠬᠦ ᠪᠠᠭ ᠲᠡᠮᠡᠴᠡᠭᠡᠨ ᠳᠤ ᠤᠷᠤᠯᠴᠠᠭᠠᠳ᠂ ᠡᠴᠤᠰ ᠲᠤ ᠤᠷᠤᠰ ᠤᠨ ᠠᠮᠦ᠋ᠷᠰᠺᠧ ᠪᠠᠭ ᠤᠨ ᠪᠦᠲᠦᠬᠡᠯ 《ᠤᠷᠴᠢᠯᠠᠩ ᠤᠨ ᠮᠠᠨᠳᠤᠯ》ᠮᠠᠩᠯᠠᠶᠢᠯᠠᠬᠰᠠᠨ ᠪᠠᠶᠢᠨ᠎ᠠ᠃ ᠬᠠᠷᠪᠢᠨ ᠤ ᠤᠯᠠᠨ ᠤᠯᠤᠰ ᠤᠨ ᠤᠬᠰᠠᠷᠠᠭ᠎ᠠ ᠮᠦᠰᠦᠨ ᠱᠤᠭᠤᠮᠠᠯ ᠤᠨ ᠲᠡᠮᠡᠴᠡᠭᠡᠨ ᠪᠤᠯ ᠤᠯᠠᠨ ᠤᠯᠤᠰ ᠤᠨ ᠮᠦᠰᠦ ᠴᠠᠰᠤᠨ ᠤ ᠬᠤᠯᠪᠤᠭᠠᠨ ᠤ ᠡᠯ᠎ᠠ ᠶᠡᠬᠡ ᠲᠡᠮᠡᠴᠡᠭᠡᠨ ᠤ ᠳᠤᠮᠳᠠ ᠡᠮᠦᠨ᠎ᠠ ᠭᠤᠷᠪᠠ ᠳᠤ ᠪᠠᠶᠢᠷᠢᠰᠢᠵᠤ ᠪᠠᠶᠢᠭ᠎ᠠ ᠤᠯᠠᠨ ᠤᠯᠤᠰ ᠤᠨ ᠰᠤᠶᠤᠯ ᠤᠷᠠᠯᠢᠭ ᠤᠨ ᠠᠵᠢᠯᠯᠠᠭ᠎ᠠ ᠪᠤᠯᠤᠨ᠎ᠠ᠂ ᠵᠢᠯ ᠪᠤᠯᠭᠠᠨ ᠲᠡᠯᠡᠬᠡᠢ ᠶᠢᠨ ᠡᠯ᠎ᠠ ᠤᠯᠤᠰ ᠤᠨ ᠨᠡᠷᠡᠲᠤ ᠮᠦᠰᠦᠨ ᠱᠤᠭᠤᠮᠠᠯᠴᠢᠳ ᠢ ᠤᠷᠢᠵᠤ ᠲᠡᠮᠡᠴᠡᠬᠡᠨ ᠳᠤ ᠤᠷᠤᠯᠴᠠᠭᠤᠯᠤᠳᠠᠭ ᠶᠤᠮ᠃ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠬᠴᠢ ᠵᠦᠩ ᠰᠢᠨ)

ᠢᠷᠡᠯᠳᠡ᠄ ᠳᠤᠮᠳᠠᠳᠤ ᠤᠯᠤᠰ ᠤᠨ ᠰᠣᠨᠢᠨ ᠮᠡᠳᠡᠭᠡᠨ ᠤ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120701122215406