蒙古文网站Logo
ᠰᠢᠨᠬᠤᠸᠠ ᠮᠤᠩᠭ᠋ᠤᠯ ᠨᠧᠲ

ᠬᠤᠷᠠᠬᠰᠠᠨ ᠴᠠᠰᠤ ᠾᠧᠹᠧᠢ ᠶᠢᠨ 5 ᠠᠦ᠋ᠲ᠋ᠤᠪᠦ᠋ᠰ ᠤᠨ ᠵᠤᠬᠰᠤᠭᠠᠯ ᠤᠨ ᠲᠠᠶᠢᠰᠠ ᠶᠢ ᠳᠠᠷᠤᠵᠤ ᠨᠤᠷᠠᠭᠠᠪᠠ

2018-01-05 11:15

    1 ᠰᠠᠷ᠎ᠠ ᠶᠢᠨ 4 ᠤ ᠡᠳᠦᠷ ᠤᠨ ᠦᠳᠡ ᠡᠴᠡ ᠡᠮᠦᠨ᠎ᠠ ᠰᠤᠷᠪᠤᠯᠵᠢᠯᠠᠬᠴᠢ ᠤᠯᠠᠨ ᠲᠠᠯ᠎ᠠ ᠡᠴᠡ ᠨᠤᠲᠠᠯᠠᠬᠰᠠᠨ ᠢᠶᠡᠷ᠂ ᠠᠨᠾᠦ᠋ᠢ ᠶᠢᠨ ᠾᠧᠹᠧᠢ ᠳ᠋ᠡᠬᠢ 5 ᠠᠦ᠋ᠲ᠋ᠤᠪᠦ᠋ᠰ ᠤᠨ ᠵᠤᠬᠰᠤᠭᠠᠯ ᠤᠨ ᠲᠠᠶᠢᠰᠠ ᠬᠤᠷᠠᠬᠰᠠᠨ ᠴᠠᠰᠤᠨ ᠳᠤ ᠳᠠᠷᠤᠭᠳᠠᠵᠤ ᠨᠤᠷᠠᠭᠠᠳ ᠤᠯᠠᠨ ᠬᠦᠮᠦᠨ ᠢ ᠰᠢᠷᠬᠠᠳᠤᠭᠤᠯᠪᠠ᠂ ᠡᠬᠦᠨ ᠳᠤ ᠨᠢᠬᠡ ᠬᠦᠮᠦᠨ ᠡᠨᠳᠡᠪᠡ᠃ ᠠᠩᠬ᠎ᠠ ᠠᠯᠬᠤᠮ ᠤᠨ ᠵᠠᠳᠠᠯᠤᠯᠲᠠ ᠶᠢ ᠦᠨᠳᠦᠰᠦᠯᠡᠪᠡᠯ᠂ ᠠᠦ᠋ᠲ᠋ᠤᠪᠦ᠋ᠰ ᠤᠨ ᠵᠤᠬᠰᠤᠭᠠᠯ ᠤᠨ ᠲᠠᠶᠢᠰᠠᠨ ᠤ ᠤᠷᠤᠢ ᠳ᠋ᠡᠬᠢ ᠬᠤᠷᠠᠬᠰᠠᠨ ᠴᠠᠰᠤ ᠶᠢ ᠴᠠᠬ ᠲᠤᠬᠠᠢ ᠳᠤ ᠨᠢ ᠴᠡᠪᠡᠷᠯᠡᠵᠤ ᠠᠷᠢᠯᠭᠠᠬᠰᠠᠨ ᠦᠬᠡᠢ ᠡᠴᠡ ᠪᠤᠯᠵᠤ ᠵᠤᠬᠰᠤᠭᠠᠯ ᠤᠨ ᠲᠠᠶᠢᠰᠠᠨ ᠤ ᠳᠠᠭᠠᠭᠠᠴᠠ ᠶᠢᠨ ᠳᠠᠷᠤᠯᠲᠠ ᠬᠡᠳᠤᠷᠡᠭᠡᠳ ᠨᠤᠷᠠᠵᠤ ᠴᠦᠮᠦᠷᠡᠵᠡᠢ᠃

    1 ᠰᠠᠷ᠎ᠠ ᠶᠢᠨ 3 ᠤ ᠡᠳᠦᠷ ᠤᠨ ᠦᠳᠡ ᠡᠴᠡ ᠬᠤᠶᠢᠰᠢᠬᠢ 5 ᠴᠠᠭ ᠬᠠᠭᠠᠰ ᠡᠴᠡ ᠡᠬᠢᠯᠡᠨ ᠠᠨᠾᠦ᠋ᠢ ᠶᠢᠨ ᠾᠧᠹᠧᠢ ᠥᠨᠥ ᠵᠢᠯ ᠤᠨ ᠠᠩᠬᠠᠨ ᠤ ᠴᠠᠰᠤ ᠪᠡᠨ ᠤᠬᠲᠤᠪᠡ᠃ ᠲᠤᠰ ᠡᠳᠦᠷ ᠤᠨ 17᠄ 30 ᠴᠠᠭ ᠲᠤ᠂ ᠠᠨᠾᠦ᠋ᠢ ᠬᠦᠨᠳᠤ ᠴᠢᠬᠤᠯᠠ ᠴᠠᠭ ᠠᠭᠠᠷ ᠤᠨ ᠭᠠᠮᠰᠢᠭ(ᠤᠨᠴᠠ ᠶᠡᠬᠡ ᠴᠠᠰᠤ) ᠤᠨ III ᠵᠡᠷᠭᠡᠯᠡᠯ ᠤᠨ ᠠᠷᠭᠠᠴᠠᠭᠠᠬᠤ ᠠᠷᠭ᠎ᠠ ᠬᠡᠮᠵᠢᠶ᠎ᠠ ᠡᠬᠢᠯᠡᠭᠦᠯᠤᠭ᠍ᠰᠠᠨ ᠪᠠᠶᠢᠨ᠎ᠠ᠃ 3 ᠤ ᠡᠳᠦᠷ ᠤᠨ 20᠄ 40 ᠴᠠᠭ ᠲᠤ᠂ ᠤᠨᠴᠠ ᠶᠡᠬᠡ ᠴᠠᠰᠤᠨ ᠤ ᠰᠡᠷᠡᠮᠵᠢ ᠶᠢᠨ ᠲᠤᠬᠢᠶ᠎ᠠ ᠬᠦᠬᠡ ᠦᠩᠬᠡ ᠡᠴᠡ ᠤᠯᠠᠪᠤᠷ ᠦᠩᠬᠡ ᠪᠤᠯᠵᠤ ᠳᠠᠪᠰᠢᠵᠡᠢ᠃

ᠢᠷᠡᠯᠳᠡ᠄ ᠰᠢᠨ ᠵᠢᠩ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011100001122215444