蒙古文网站Logo
ᠰᠢᠨᠬᠤᠸᠠ ᠮᠤᠩᠭ᠋ᠤᠯ ᠨᠧᠲ

ᠤᠯᠤᠰ ᠡᠴᠡ ᠶᠡᠬᠡ ᠬᠡᠪᠴᠢᠶᠡᠨ ᠤ ᠤᠯᠤᠰ ᠤᠨ ᠭᠠᠵᠠᠷ ᠰᠢᠷᠤᠢ ᠶᠢᠨ ᠨᠤᠭᠤᠭᠠᠷᠠᠭᠤᠯᠤᠯᠳᠠ ᠶᠢᠨ ᠠᠵᠢᠯᠯᠠᠭ᠎ᠠ ᠦᠷᠨᠢᠬᠦᠯᠬᠦ ᠪᠡᠷ ᠪᠤᠢ

2018-01-05 17:47

    ᠰᠤᠷᠪᠤᠯᠵᠢᠯᠠᠭᠴᠢ 1 ᠰᠠᠷ᠎ᠠ ᠶᠢᠨ 4 ᠤ ᠡᠳᠤᠷ ᠤᠯᠤᠰ ᠲᠠᠶᠠᠭᠠᠷ ᠤᠨ ᠤᠢ ᠰᠢᠭᠤᠢ ᠶᠢᠨ ᠲᠢᠩᠬᠢᠮ ᠤᠨ ᠲᠠᠷᠤᠭ᠎ᠠ ᠨᠠᠷ ᠤᠨ ᠬᠤᠷᠠᠯ ᠡᠴᠡ ᠤᠶᠢᠯᠠᠭᠠᠭᠰᠠᠨ ᠢᠶᠡᠷ᠂ ᠲᠤᠮᠳᠠᠳᠤ ᠤᠯᠤᠰ ᠶᠡᠬᠡ ᠬᠡᠪᠴᠢᠶᠡᠨ ᠤ ᠤᠯᠤᠰ ᠤᠨ ᠭᠠᠵᠠᠷ ᠰᠢᠷᠤᠢ ᠶᠢᠨ ᠨᠤᠭᠤᠭᠠᠷᠠᠭᠤᠯᠤᠯᠳᠠ ᠶᠢᠨ ᠠᠵᠢᠯᠯᠠᠭ᠎ᠠ ᠦᠷᠨᠢᠬᠦᠯᠵᠤ᠂ 2020 ᠤᠨ ᠪᠤᠯᠬᠤ ᠳᠤ ᠤᠢ ᠰᠢᠭᠤᠢ ᠶᠢᠨ ᠪᠦᠷᠬᠦᠴᠡ ᠶᠢ 23.04%᠂ 2035 ᠤᠨ ᠪᠤᠯᠬᠤ ᠳᠤ 26% ᠳᠤ ᠬᠦᠷᠬᠡᠵᠤ᠂ ᠲᠤᠰ ᠵᠠᠭᠤᠨ ᠤ ᠲᠤᠮᠳᠠᠴᠢ ᠬᠦᠷᠬᠦ ᠳᠤ ᠲᠡᠯᠡᠬᠡᠢ ᠶᠢᠨ ᠲᠤᠮᠳᠠᠴᠢ ᠲᠦᠪᠰᠢᠨ ᠳᠤ ᠬᠦᠷᠬᠡᠨ᠎ᠡ᠃

    ᠤᠯᠤᠰ ᠤᠨ ᠤᠢ ᠰᠢᠭᠤᠢ ᠶᠢᠨ ᠲᠤᠪᠴᠢᠶᠠᠨ ᠤ ᠲᠠᠷᠤᠭ᠎ᠠ ᠵᠠᠩ ᠵᠢᠶᠠᠨ ᠯᠦᠩ ᠤᠨ ᠲᠠᠨᠢᠯᠴᠠᠭᠤᠯᠤᠭᠰᠠᠨ ᠢᠶᠡᠷ᠂ ᠱᠠᠳᠤᠴᠢ ᠴᠢᠨᠠᠷ ᠲᠠᠢ ᠲᠡᠮᠡᠴᠡᠬᠦ ᠬᠠᠷᠠᠯᠳᠠ ᠶᠢᠨ ᠲᠤᠭᠤᠷᠢᠨ ᠳᠤ᠂ ᠨᠢᠬᠡ ᠳᠤ᠂ ᠠᠮᠢ ᠠᠬᠤᠢ ᠶᠢ ᠬᠠᠮᠠᠭᠠᠯᠠᠨ ᠰᠡᠷᠬᠦᠬᠡᠬᠦ ᠶᠡᠬᠡ ᠢᠨᠵᠧᠨᠧᠷᠢᠩ ᠢ ᠬᠡᠷᠡᠭᠵᠢᠬᠦᠯᠬᠦ ᠶᠢ ᠲᠦᠷᠭᠡᠳᠬᠡᠵᠤ᠂ ᠲᠠᠷᠢᠬᠤ ᠪᠠᠨ ᠪᠤᠯᠢᠵᠤ ᠤᠷᠭᠤᠭᠤᠯᠬᠤ᠂ ᠭᠤᠤᠯᠳᠠᠯᠭ᠎ᠠ ᠲᠠᠢ ᠬᠠᠮᠠᠭᠠᠯᠠᠬᠤ ᠤᠢ᠂ ᠪᠡᠭᠡᠵᠢᠩ ᠲᠢᠶᠠᠨᠵᠢᠨ ᠤ ᠡᠯᠡᠰᠦᠨ ᠰᠢᠭᠤᠷᠭ᠎ᠠ ᠶᠢᠨ ᠡᠬᠢ ᠶᠢ ᠵᠠᠰᠠᠬᠤ ᠪᠤᠯᠤᠨ ᠴᠢᠯᠠᠭᠤᠵᠢᠯ ᠡᠯᠡᠰᠦᠵᠢᠯ  ᠢ ᠵᠠᠰᠠᠬᠤ ᠵᠡᠷᠬᠡ ᠤᠶᠢᠵᠢᠭᠤᠯᠬᠤ ᠢᠨᠵᠧᠨᠧᠷᠢᠩ ᠤᠨ ᠬᠡᠪᠴᠢᠶ᠎ᠠ ᠶᠢ ᠦᠷᠭᠡᠳᠭᠡᠨ᠎ᠡ᠃ ᠭᠤᠷᠪᠠᠨ ᠤᠮᠠᠷᠠᠳᠤ ᠶᠢᠨ ᠢᠨᠵᠧᠨᠧᠷᠢᠩ ᠤᠨ 40 ᠵᠢᠯ ᠤᠨ ᠤᠢ ᠶᠢᠨ ᠠᠵᠠ ᠪᠡᠷ ᠰᠢᠨ᠎ᠡ ᠪᠡᠷ ᠵᠠᠭᠤᠨ ᠲᠦᠮᠡᠨ ᠮᠦ ᠶᠢᠨ ᠬᠠᠮᠠᠭᠠᠯᠠᠯᠳᠠ ᠶᠢᠨ ᠤᠢ ᠶᠢᠨ ᠰᠠᠭᠤᠷᠢᠨ ᠬᠤᠶᠠᠷ ᠢ ᠪᠠᠶᠢᠭᠤᠯᠵᠤ᠂ ᠤᠨᠢᠨ ᠲᠡᠭᠡᠷ᠎ᠡ ᠨᠢ ᠡᠯᠡᠰᠦ ᠶᠢ ᠵᠠᠰᠠᠬᠤ ᠭᠤᠤᠯᠳᠠᠯᠭ᠎ᠠ ᠲᠠᠢ ᠰᠢᠶᠠᠨ ᠪᠠᠶᠢᠭᠤᠯᠬᠤ ᠠᠵᠢᠯᠯᠠᠭ᠎ᠠ ᠶᠢ ᠦᠷᠨᠢᠬᠦᠯᠦᠨ᠎ᠡ᠃ ᠰᠢᠶᠦ᠋ᠩ ᠠᠨ ᠰᠢᠨ᠎ᠡ ᠲᠤᠭᠤᠷᠢᠭ ᠤᠨ ᠪᠠᠢ ᠶᠠᠩ ᠳ᠋ᠢᠶᠠᠨ ᠤ ᠲᠡᠭᠡᠳᠤ ᠤᠷᠤᠰᠬᠠᠯ᠂ ᠦᠪᠦᠷ ᠮᠤᠩᠭ᠋ᠤᠯ ᠤᠨ ᠬᠤᠯᠠᠨ ᠰᠢᠷᠭ᠎ᠠ᠂ ᠬᠦᠬᠡᠨᠠᠭᠤᠷ ᠤᠨ ᠬᠤᠸᠠᠩ ᠱᠦᠢ ᠭᠤᠷᠪᠠᠨ ᠬᠡᠪᠵᠢᠶᠡᠵᠢᠭ᠍ᠰᠡᠨ ᠤᠢ ᠶᠢᠨ ᠲᠠᠯᠠᠪᠤᠷ ᠤᠨ ᠲᠤᠷᠰᠢᠯᠳᠠ ᠶᠢᠨ ᠴᠢᠭ ᠪᠠᠶᠢᠭᠤᠯᠬᠤ ᠶᠢ ᠰᠠᠶᠢᠳᠤᠷ ᠬᠢᠵᠤ᠂ 723 ᠲᠦᠮᠡᠨ ᠮᠦ ᠤᠶᠢᠵᠢᠭᠤᠯᠬᠤ ᠪᠡᠷ ᠲᠦᠯᠦᠪᠯᠡᠵᠤ ᠪᠤᠢ᠃ ᠬᠤᠶᠠᠷ ᠲᠤ᠂ ᠲᠦᠪ ᠡᠴᠡ ᠬᠦᠷᠦᠩᠬᠡ ᠤᠷᠤᠭᠤᠯᠬᠤ ᠲᠤᠯᠭᠠᠭᠤᠷᠢ ᠦᠢᠯᠡᠳᠤᠯ ᠢ ᠪᠠᠳᠠᠷᠠᠭᠤᠯᠵᠤ᠂ ᠨᠡᠬᠡᠬᠡᠯᠳᠡ ᠲᠠᠢ ᠲᠦᠷᠦ ᠶᠢᠨ ᠪᠤᠳᠤᠯᠭ᠎ᠠ ᠶᠢᠨ ᠴᠢᠨᠠᠷᠲᠠᠢ 300 ᠳ᠋ᠦᠩᠰᠢᠭᠤᠷ ᠲᠦᠭᠦᠷᠢᠭ᠌ ᠤᠨ ᠵᠢᠭᠡᠯᠡᠯᠬᠡ ᠂ ᠨᠤᠭᠤᠭᠠᠷᠠᠭᠤᠯᠤᠯᠳᠠ ᠶᠢᠨ ᠮᠦᠩᠬᠦᠨ ᠬᠦᠢᠯᠬᠡᠬᠡᠨ ᠤ 100 ᠳ᠋ᠦ᠋ᠩᠰᠢᠭᠤᠷ ᠲᠦᠭᠦᠷᠢᠭ᠌ ᠤᠨ ᠲᠡᠮᠳᠡᠭᠳᠤ ᠲᠠᠷᠬᠠᠭᠠᠬᠤ ᠶᠢ ᠠᠰᠢᠭᠯᠠᠨ ᠤᠢ ᠮᠤᠳᠤ ᠲᠠᠷᠢᠵᠤ ᠵᠠᠶᠢᠯᠠᠨ ᠤᠯᠤᠰ ᠤᠨ ᠤᠢ ᠶᠢᠨ ᠨᠦᠬᠡᠴᠡ ᠶᠢ 1000 ᠲᠦᠮᠡᠨ ᠮᠦ ᠪᠤᠯᠭᠠᠨ ᠪᠠᠶᠢᠭᠤᠯᠤᠨ᠎ᠠ᠃ ᠭᠤᠷᠪᠠ ᠳᠤ᠂ ᠤᠯᠤᠰ ᠤᠨ ᠭᠠᠵᠠᠷ ᠰᠢᠷᠤᠢ ᠶᠢᠨ ᠨᠤᠭᠤᠭᠠᠷᠠᠭᠤᠯᠤᠯᠳᠠ ᠶᠢᠨ ᠪᠠᠶᠢᠭᠤᠯᠤᠮᠵᠢ ᠶᠢᠨ ᠰᠢᠨ᠎ᠡ ᠶᠢ ᠡᠬᠦᠳᠴᠦ᠂ ᠮᠤᠳᠤ ᠲᠠᠷᠢᠬᠤ ᠡᠬᠦᠷᠬᠡ ᠬᠠᠷᠢᠭᠤᠴᠠᠯᠭ᠎ᠠ ᠶᠢᠨ ᠬᠡᠯᠪᠡᠷᠢ ᠶᠢ ᠪᠠᠶᠠᠯᠢᠭᠵᠢᠭᠤᠯᠵᠤ᠂ ᠤᠷᠢᠳᠠᠪᠡᠷ ᠤᠶᠢᠵᠢᠭᠤᠯᠵᠤ ᠲᠠᠷᠠᠭ᠎ᠠ ᠨᠢ ᠨᠦᠬᠦᠪᠦᠷᠢ ᠥ᠍ᠭ᠍ᠬᠦ᠂ ᠱᠠᠩᠨᠠᠬᠤ ᠪᠡᠷ ᠨᠦᠬᠦᠪᠦᠷᠢ ᠶᠢ ᠤᠷᠤᠯᠠᠭᠤᠯᠬᠤ᠂ ᠲᠦᠷᠢᠶᠡᠰᠦᠯᠡᠬᠦ᠂ ᠬᠦᠦ ᠮᠦᠩᠬᠦ ᠶᠢᠨ ᠲᠠᠭᠠᠳᠬᠠᠯ᠂ ᠭᠠᠵᠠᠷ ᠢᠶᠡᠨ ᠨᠤᠭᠤᠭᠠᠷᠠᠭᠤᠯᠬᠤ ᠵᠡᠷᠬᠡ ᠤᠯᠠᠨ ᠵᠦᠢᠯ ᠤᠨ ᠠᠷᠭ᠎ᠠ ᠪᠡᠷ ᠠᠵᠤ ᠠᠬᠤᠶᠢᠯᠠᠯ᠂ ᠬᠠᠮᠳᠤ ᠨᠢᠬᠡᠴᠡ᠂ ᠬᠤᠪᠢ ᠬᠦᠮᠦᠨ᠂ ᠨᠡᠶᠢᠬᠡᠮ ᠤᠨ ᠵᠤᠬᠢᠶᠠᠨ ᠪᠠᠶᠢᠭᠤᠯᠤᠯᠳᠠ ᠵᠡᠷᠬᠡ ᠡᠯ᠎ᠡ ᠲᠠᠯ᠎ᠠ ᠡᠴᠡ ᠬᠦᠷᠦᠩᠬᠡ ᠤᠷᠤᠭᠤᠯᠵᠤ᠂ ᠨᠢᠬᠡᠨ ᠪᠦᠯᠦᠩ ᠠᠮᠢ ᠠᠬᠤᠢ ᠶᠢ ᠬᠠᠮᠠᠭᠠᠯᠠᠨ ᠰᠡᠷᠬᠦᠬᠡᠬᠦ ᠲᠤᠰᠬᠠᠶ ᠠᠵᠤ ᠠᠬᠤᠶᠢᠯᠠᠯ ᠢ ᠬᠦᠮᠦᠵᠢᠬᠦᠯᠵᠤ᠂ ᠲᠦᠷᠦ ᠶᠢᠨ ᠪᠤᠳᠤᠯᠭ᠎ᠠ ᠪᠤᠯᠤᠨ ᠨᠡᠶᠢᠬᠡᠮ ᠤᠨ ᠬᠦᠷᠦᠩᠬᠡ ᠪᠠᠨ ᠨᠢᠭᠡᠳᠭᠡᠨ ᠤᠯᠤᠰ ᠤᠨ ᠭᠠᠵᠠᠷ ᠰᠢᠷᠤᠢ ᠶᠢᠨ ᠨᠤᠭᠤᠭᠠᠷᠠᠭᠤᠯᠤᠯᠳᠠ ᠶᠢᠨ ᠲᠦᠰᠦᠯ ᠢ ᠤᠷᠢᠳᠠᠪᠡᠷ ᠲᠡᠮᠵᠢᠨ᠎ᠡ᠃ ᠡᠬᠦᠨ ᠤ ᠬᠠᠮᠳᠤ ᠤᠢ ᠰᠢᠭᠤᠢ ᠶᠢᠨ ᠬᠤᠳᠠ᠂ ᠤᠢ ᠰᠢᠭᠤᠢ ᠶᠢᠨ ᠬᠤᠳᠠ ᠶᠢᠨ ᠴᠤᠭᠯᠠᠷᠠᠯ᠂ ᠤᠢ ᠰᠢᠭᠤᠢ ᠶᠢᠨ ᠴᠡᠴᠡᠷᠯᠢᠭ᠌᠌ ᠪᠠᠶᠢᠭᠤᠯᠬᠤ ᠶᠢ ᠶᠡᠬᠡ ᠪᠡᠷ ᠠᠬᠢᠭᠤᠯᠤᠨ᠎ᠠ᠃ 2018 ᠤᠨ ᠳᠤ 1 ᠳ᠋ᠦᠩᠰᠢᠭᠤᠷ ᠮᠦ ᠡᠴᠡ ᠲᠡᠭᠡᠭ᠍ᠰᠢ ᠤᠶᠢᠵᠢᠭᠤᠯᠬᠤ ᠶᠢ ᠴᠢᠷᠮᠠᠶᠢᠨ ᠪᠡᠶᠡᠯᠡᠬᠦᠯᠵᠤ᠂ ᠡᠬᠦᠨ ᠤ ᠲᠤᠳᠤᠷ᠎ᠠ ᠬᠦᠮᠦᠨ ᠤ ᠬᠦᠴᠦ ᠪᠡᠷ 5000 ᠲᠦᠮᠡᠨ ᠮᠦ ᠤᠶᠢᠵᠢᠭᠤᠯᠵᠤ ᠂ 1.2 ᠳ᠋ᠦᠩᠰᠢᠭᠤᠷ ᠮᠦ ᠤᠢ ᠮᠤᠳᠤ ᠤᠷᠭᠤᠭᠤᠯᠤᠨ᠎ᠠ᠃

ᠢᠷᠡᠯᠳᠡ᠄ ᠠᠷᠠᠳ ᠤᠨ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120701122217541