蒙古文网站Logo
ᠰᠢᠨᠬᠤᠸᠠ ᠮᠤᠩᠭ᠋ᠤᠯ ᠨᠧᠲ

ᠠᠷᠢᠬᠢ ᠶᠢ ᠬᠤᠷᠲᠤᠨ ᠰᠡᠷᠭᠦᠭᠡᠬᠦ 8 ᠵᠦᠢᠯ ᠤᠨ ᠢᠲᠡᠭᠡᠨ

2016-01-05 16:30

    ᠵᠦᠭᠡᠢ ᠶᠢᠨ ᠪᠠᠯ᠄ ᠵᠦᠭᠡᠢ ᠶᠢᠨ ᠪᠠᠯ ᠲᠤᠲᠤᠷ᠎ᠠ ᠨᠢᠭᠡ ᠵᠦᠢᠯ ᠤᠨ ᠪᠦᠷᠢᠯᠲᠦᠭᠦᠨ ᠨᠢ ᠰᠫᠢᠷᠲ ᠢ ᠵᠠᠲᠠᠷᠠᠭᠤᠯᠬᠤ ᠦᠢᠯᠡᠳᠦᠯ ᠲᠠᠢ ᠪᠤᠯᠬᠤᠷ ᠠᠷᠢᠬᠢᠨ ᠤ ᠲᠠᠷᠠᠭ᠎ᠠ ᠪᠠᠯ ᠤᠤᠭᠤᠪᠠᠯ ᠰᠠᠢᠢᠨ᠃

    ᠦᠵᠦᠮ᠄ ᠦᠵᠦᠮ ᠤᠨ ᠲᠤᠲᠤᠷ᠎ᠠ ᠡᠯᠪᠡᠭ᠌ ᠪᠠᠶᠠᠯᠢᠭ ᠲᠡᠷᠡᠰᠦᠨ ᠴᠢᠯᠠᠭᠤᠨ ᠬᠦᠴᠢᠯ ᠠᠭᠤᠯᠤᠭᠲᠠᠲᠠᠭ᠃ ᠲᠤᠰ ᠬᠦᠴᠢᠯ ᠨᠢ ᠰᠫᠢᠷᠲ ᠢ ᠬᠤᠪᠢᠷᠠᠭᠠᠬᠤ ᠴᠢᠲᠠᠯ ᠲᠠᠢ ᠪᠤᠯᠬᠤᠷ ᠠᠷᠢᠬᠢᠨ ᠡᠴᠡ ᠡᠮᠦᠨ᠎ᠡ ᠵᠢᠭᠠᠬᠠᠨ ᠦᠵᠦᠮ ᠢᠲᠡᠪᠡᠯ ᠠᠷᠢᠬᠢᠨ ᠳ᠋ᠤ ᠬᠤᠤᠷᠲᠠᠭᠲᠠᠬᠤ ᠶᠢ ᠰᠡᠷᠭᠡᠢᠢᠯᠡᠨ᠎ᠡ᠃

    ᠲᠠᠷᠪᠤᠰ᠄ ᠲᠠᠷᠪᠤᠰ ᠤᠨ ᠭᠤᠤᠯ ᠨᠢ ᠬᠠᠯᠠᠭᠤᠨ ᠢ ᠬᠦᠭᠡᠭᠡᠵᠦ ᠬᠤᠤᠷ ᠢ ᠲᠠᠢᠢᠯᠬᠤ ᠦᠢᠯᠡᠳᠦᠯ ᠲᠠᠢ ᠪᠤᠯᠬᠤᠷ ᠰᠫᠢᠷᠲ ᠢ ᠲᠦᠷᠭᠡᠨ ᠭᠠᠲᠠᠭᠰᠢᠯᠠᠭᠤᠯᠵᠤ᠂ ᠠᠷᠢᠬᠢ ᠶᠢ ᠲᠦᠷᠭᠡᠨ ᠰᠡᠷᠭᠦᠭᠡᠬᠦ ᠳ᠋ᠤ ᠲᠤᠰᠠᠲᠠᠢ᠃

    ᠵᠦᠷᠵᠢᠯᠢᠭ ᠵᠢᠮᠢᠰ᠄ ᠲᠤᠷᠰᠢᠯᠲᠠ ᠭᠡᠷᠡᠴᠢᠯᠡᠭᠰᠡᠨ ᠶᠢᠡᠷ᠂ ᠠᠷᠢᠬᠢᠨ ᠤ ᠲᠠᠷᠠᠭ᠎ᠠ ᠵᠦᠷᠵᠢᠯᠢᠭ ᠵᠢᠮᠢᠰ ᠤᠨ ᠭᠤᠤᠯ ᠢ ᠴᠠᠭᠠᠨ ᠰᠢᠬᠢᠷ ᠲᠤ ᠲᠦᠷᠦᠵᠦ ᠢᠲᠡᠪᠡᠯ ᠠᠷᠢᠬᠢ ᠶᠢ ᠰᠡᠷᠭᠦᠭᠡᠬᠦ ᠦᠢᠯᠡᠳᠦᠯ ᠲᠠᠢ ᠪᠠᠢᠢᠲᠠᠭ᠃

    ᠴᠤᠭᠤᠷ᠄ ᠴᠤᠭᠤᠷ ᠤᠨ ᠲᠤᠲᠤᠷᠠᠬᠢ ᠡᠯᠪᠡᠭ᠌ ᠬᠠᠮ ᠸᠢᠲ᠋ᠠᠮᠢᠨBᠨᠢ ᠠᠷᠢᠬᠢ ᠶᠢ ᠬᠤᠷᠲᠤᠨ ᠰᠡᠷᠭᠦᠭᠡᠬᠦ ᠦᠢᠯᠡᠳᠦᠯ ᠲᠠᠢ᠃

    ᠪᠠᠨᠠᠨᠠ᠄ ᠠᠷᠢᠬᠢᠨ ᠤ ᠲᠠᠷᠠᠭ᠎ᠠ ᠪᠠᠨᠠᠨᠠ ᠢᠲᠡᠪᠡᠯ ᠴᠢᠰᠤᠨ ᠳᠡᠬᠢ ᠰᠫᠢᠷᠲ ᠤᠨ ᠦᠳᠭᠡᠨ ᠢ ᠲᠦᠷᠭᠡᠨ ᠪᠠᠭᠤᠷᠠᠭᠤᠯᠵᠤ ᠠᠷᠢᠬᠢ ᠶᠢ ᠬᠤᠷᠲᠤᠨ ᠰᠡᠷᠭᠦᠭᠡᠨ᠎ᠡ᠃

    ᠨᠠᠩᠭᠢᠶᠠᠳ ᠠᠷᠤᠷ᠎ᠠ᠄ ᠡᠷᠲᠡ ᠤᠵᠠᠭᠤᠷ ᠡᠴᠡ ᠠᠪᠤᠭᠠᠳ ᠨᠠᠩᠭᠢᠶᠠᠳ ᠠᠷᠤᠷ᠎ᠠ ᠶᠢ ᠠᠷᠢᠬᠢ ᠰᠡᠷᠭᠦᠭᠡᠬᠦ ᠰᠠᠢᠢᠨ ᠡᠮ ᠬᠡᠮᠡᠲᠡᠭ᠃ ᠠᠷᠢᠬᠢᠨ ᠤ ᠲᠠᠷᠠᠭ᠎ᠠ ᠨᠠᠩᠭᠢᠶᠠᠳ ᠠᠷᠤᠷ᠎ᠠ ᠶᠢ ᠮᠦᠰᠦᠨ ᠰᠢᠬᠢᠷ ᠲᠠᠢ ᠴᠢᠨᠠᠵᠤ ᠰᠦᠮᠦᠰᠦ ᠶᠢ ᠨᠢ ᠤᠤᠭᠤᠪᠠᠯ ᠰᠠᠢᠢᠨ ᠪᠠᠢᠢᠲᠠᠭ᠃

    (《ᠡᠷᠢᠨ ᠴᠠᠭ ᠲᠤ ᠨᠦᠯᠦᠭᠡ ᠲᠠᠢ 99 ᠠᠮᠢᠲᠤᠷᠠᠯ ᠤᠨ ᠠᠷᠭ᠎ᠠ ᠤᠬᠠᠭᠠᠨ》ᠨᠤᠮ ᠡᠴᠡ ᠱᠦᠭᠦᠨ ᠨᠠᠢᠢᠷᠠᠭᠤᠯᠪᠠ)

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791117676321