蒙古文网站Logo
ᠰᠢᠨᠬᠤᠸᠠ ᠮᠤᠩᠭ᠋ᠤᠯ ᠨᠧᠲ

ᠪᠠᠶᠠᠰᠤᠩᠭ᠋ᠤᠢ ᠦᠵᠡᠯᠲᠡ ᠲᠠᠢ ᠬᠦᠮᠦᠰ ᠤᠨ 8 ᠰᠠᠢᠢᠨ ᠲᠠᠳᠬᠠᠯ

2016-01-06 15:32

    1.ᠤᠴᠢᠷ ᠶᠠᠪᠤᠲᠠᠯ ᠢ ᠬᠦᠨ ᠪᠤᠲᠤᠯᠬᠢᠯᠠᠵᠤ᠂ ᠤᠷᠮ᠎ᠠ ᠰᠡᠳᠭᠢᠯᠭᠡ ᠪᠠᠨ ᠲᠤᠭᠲᠠᠭᠤᠨ ᠪᠠᠢᠢᠯᠭᠠᠬᠤ᠃

    ᠠᠮᠢᠲᠤᠷᠠᠯ ᠤᠨ ᠲᠤᠮᠲᠠ ᠬᠠᠶᠠ ᠳ᠋ᠠᠭᠠᠨ ᠬᠦᠴᠢᠷᠲᠡᠯ ᠲᠤᠯᠭᠠᠷᠠᠵᠤ᠂ ᠰᠡᠳᠭᠢᠯ ᠰᠠᠨᠠᠭ᠎ᠠ ᠲᠡᠭᠡᠭᠡᠷ᠎ᠡ ᠲᠠᠷᠤᠭᠠᠰᠤ ᠲᠠᠢ ᠪᠤᠯᠲᠠᠭ ᠦᠶ᠎ᠠ ᠴᠤ ᠭᠠᠷᠲᠠᠭ᠃ ᠡᠨᠡ ᠦᠶ᠎ᠠ ᠳ᠋ᠤ ᠢᠲᠡᠪᠬᠢᠲᠡᠢ ᠤᠪᠤᠷ ᠶᠢᠡᠷ ᠠᠮᠢᠲᠤᠷᠠᠯ ᠳ᠋ᠤ ᠬᠠᠨᠲᠤᠨ᠂ ᠤᠷᠮ᠎ᠠ ᠰᠡᠳᠭᠢᠯᠭᠡ ᠪᠠᠨ ᠲᠤᠭᠲᠠᠭᠤᠨ ᠪᠠᠢᠢᠯᠭᠠᠬᠤ ᠨᠢ ᠴᠢᠬᠤᠯᠠ᠃ ᠰᠤᠲᠤᠯᠭᠠᠨ ᠳ᠋ᠤ ᠢᠯᠡᠷᠡᠭᠦᠯᠦᠭᠰᠡᠨ ᠶᠢᠡᠷ᠂ ᠤᠴᠢᠷ ᠶᠠᠪᠤᠲᠠᠯ ᠢ ᠬᠦᠨ ᠪᠤᠲᠤᠯᠬᠢᠯᠠᠬᠤ ᠨᠢ ᠬᠦᠮᠦᠰ ᠢ ᠪᠠᠶᠠᠷ ᠬᠦᠷ ᠲᠠᠢ᠂ ᠠᠭᠤᠵᠢᠭᠤ ᠰᠡᠳᠭᠢᠯ ᠲᠠᠢ ᠪᠤᠯᠭᠠᠵᠤ ᠴᠢᠲᠠᠲᠠᠭ ᠪᠠᠢᠢᠨ᠎ᠠ᠃

    2. ᠦᠷᠢᠰᠦᠯᠲᠦᠭᠡᠨ ᠳ᠋ᠤ ᠵᠤᠷᠢᠭᠲᠠᠢ ᠬᠠᠨᠲᠤᠨ᠂ ᠪᠤᠲᠤᠯ ᠰᠡᠳᠭᠢᠯᠭᠡ ᠪᠠᠨ ᠪᠠᠶᠠᠰᠤᠩᠭ᠋ᠤᠢ ᠪᠠᠢᠢᠯᠭᠠᠬᠤ᠃

    ᠰᠤᠲᠤᠯᠭᠠᠨ ᠳ᠋ᠤ ᠢᠯᠡᠷᠡᠭᠦᠯᠦᠭᠰᠡᠨ ᠶᠢᠡᠷ᠂ ᠪᠠᠶᠠᠰᠤᠩᠭ᠋ᠤᠢ ᠤᠷᠮ᠎ᠠ ᠰᠡᠳᠭᠢᠯᠭᠡ ᠶᠢ ᠪᠤᠢ ᠪᠤᠯᠭᠠᠬᠤ ᠨᠢ ᠠᠮᠢᠲᠤᠷᠠᠯ ᠤᠨ ᠲᠤᠮᠲᠠᠬᠢ ᠡᠯ᠎ᠡ ᠲᠠᠯ᠎ᠠ ᠶᠢᠨ ᠦᠷᠢᠰᠦᠯᠲᠦᠭᠡᠨ ᠢ ᠠᠷᠭᠠᠴᠠᠭᠠᠬᠤ ᠳ᠋ᠤ ᠠᠰᠢᠭᠲᠠᠢ ᠪᠠᠢᠢᠲᠠᠭ᠃ ᠢᠲᠡᠪᠬᠢᠲᠠᠢ ᠤᠷᠮ᠎ᠠ ᠰᠡᠳᠭᠢᠯᠭᠡ ᠲᠠᠢ ᠪᠠᠢᠢᠬᠤ ᠨᠢ ᠠᠮᠠᠷᠠᠬᠠᠨ ᠮᠤᠬᠤᠷᠲᠠᠯ ᠳ᠋ᠤ ᠤᠴᠠᠷᠠᠬᠤ ᠡᠴᠡ ᠵᠠᠢᠢᠯᠠᠰᠬᠢᠵᠤ ᠴᠢᠲᠠᠬᠤ ᠶᠢᠨ ᠬᠠᠮᠲᠤ ᠬᠤᠷᠤᠮᠬᠠᠨ ᠵᠠᠭᠤᠷ᠎ᠠ ᠶᠢᠨ ᠠᠩᠬᠠᠷᠤᠯ ᠲᠦᠪᠯᠡᠷᠡᠬᠦ ᠪᠠ ᠦᠷᠭᠡᠨ ᠰᠡᠳᠭᠢᠬᠦᠢ ᠲᠠᠢ ᠪᠤᠯᠬᠤ ᠳ᠋ᠤ ᠶᠡᠬᠡᠬᠡᠨ ᠲᠤᠰᠠᠲᠠᠢ ᠪᠠᠢᠢᠲᠠᠭ᠃

    3. ᠬᠦᠴᠢᠷ ᠤᠷᠴᠢᠨ ᠢ ᠬᠦᠯᠢᠶᠠᠨ ᠠᠪᠴᠤ ᠵᠤᠷᠢᠭᠲᠠᠢ ᠬᠠᠨᠲᠤᠬᠤ᠃

    ᠬᠦᠮᠦᠨ ᠤ ᠠᠮᠢᠲᠤᠷᠠᠯ ᠬᠡᠵᠢᠶᠠᠲᠠ ᠢᠯᠭᠤᠮ ᠤᠷᠤᠭᠰᠢᠲᠠᠢ ᠪᠠᠢᠢᠭᠠᠳ ᠪᠠᠢᠢᠲᠠᠭ ᠪᠢᠰᠢ ᠤᠴᠢᠷ ᠡᠴᠡ ᠠᠮᠢᠲᠤᠷᠠᠯ ᠤᠨ ᠬᠦᠴᠢᠷᠲᠡᠯ ᠳ᠋ᠤ ᠵᠤᠷᠢᠭᠲᠠᠢ ᠪᠡᠷ ᠬᠠᠨᠲᠤᠪᠠᠯ ᠵᠤᠬᠢᠨ᠎ᠠ᠃

    4. ᠦᠪᠡᠷ ᠢ ᠪᠠᠨ ᠬᠦᠨᠳᠦᠳᠭᠡᠨ ᠦᠪᠡᠷ ᠢ ᠪᠠᠨ ᠬᠠᠢᠢᠷᠠᠯᠠᠬᠤ᠃

    ᠵᠠᠷᠢᠮ ᠬᠦᠮᠦᠨ ᠬᠦᠴᠢᠷ ᠲᠤᠯᠭᠠᠷᠠᠪᠠᠯ ᠠᠮᠠᠷᠠᠬᠠᠨ ᠦᠪᠡᠷ ᠤᠨ ᠪᠠᠶ᠎ᠠ ᠪᠠᠨ ᠭᠤᠯᠤᠵᠤ ᠵᠢᠮᠡᠯᠡᠨ ᠪᠤᠷᠤᠭᠤᠰᠢᠶᠠᠲᠠᠭ᠃ ᠬᠠᠷᠢᠨ ᠠᠮᠢᠲᠤᠷᠠᠯ ᠳ᠋ᠤ ᠢᠲᠡᠪᠬᠢᠲᠡᠢ ᠤᠪᠤᠷ ᠶᠢᠡᠷ ᠬᠠᠨᠲᠤᠲᠠᠭ ᠬᠦᠮᠦᠰ ᠦᠪᠡᠷ ᠤᠨ ᠲᠤᠲᠠᠭᠲᠠᠯ ᠲᠠᠢ ᠲᠠᠯ᠎ᠠ ᠪᠠᠨ ᠠᠮᠠᠷᠠᠬᠠᠨ ᠬᠦᠯᠢᠶᠠᠨ ᠠᠪᠲᠠᠭ ᠪᠠᠢᠢᠨ᠎ᠠ᠃ ᠡᠢᠢᠮᠦ ᠡᠴᠡ ᠦᠪᠡᠷ ᠤᠨ ᠪᠠᠶ᠎ᠠ ᠪᠠᠨ ᠬᠠᠢᠢᠷᠠᠯᠠᠨ᠂ ᠦᠪᠡᠷ ᠤᠨ ᠤᠷᠤᠰᠢᠵᠤ ᠪᠠᠢᠢᠭ᠎ᠠ ᠲᠤᠲᠠᠭᠲᠠᠯ ᠲᠠᠢ ᠲᠠᠯ᠎ᠠ ᠪᠠᠨ ᠬᠦᠯᠢᠶᠡᠨ ᠠᠪᠬᠤ ᠨᠢ ᠲᠤᠩ ᠴᠢᠬᠤᠯᠠ ᠪᠠᠢᠢᠲᠠᠭ᠃

    5.ᠢᠲᠡᠪᠬᠢᠲᠡᠢ ᠤᠪᠤᠷ ᠶᠢᠡᠷ ᠠᠮᠢᠲᠤᠷᠠᠯ ᠳ᠋ᠤ ᠬᠠᠨᠲᠤᠲᠠᠭ ᠬᠦᠮᠦᠰ ᠲᠠᠢ ᠨᠦᠬᠦᠷᠯᠡᠵᠦ ᠶᠠᠪᠤᠬᠤ᠃

    ᠪᠤᠰᠤᠳ ᠬᠦᠮᠦᠰ ᠤᠨ ᠲᠡᠮᠵᠢᠯᠭᠡ ᠨᠢ ᠦᠪᠡᠷ ᠤᠨ ᠢᠲᠡᠪᠬᠢᠲᠡᠢ ᠤᠪᠤᠷ ᠶᠢᠡᠨ ᠵᠤᠷᠢᠭᠵᠢᠭᠤᠯᠤᠨ ᠲᠠᠢᠢᠴᠢᠯᠠᠬᠤ ᠳ᠋ᠤ ᠲᠤᠩ ᠶᠡᠬᠡ ᠦᠢᠯᠡᠳᠦᠯ ᠦᠵᠡᠭᠦᠯᠲᠡᠭ᠃ ᠪᠤᠬᠢᠨᠢᠲᠤᠨ ᠵᠤᠪᠠᠬᠤ᠂ ᠪᠠᠶᠠᠷ ᠵᠢᠷᠭᠠᠯ ᠲᠠᠢ ᠪᠠᠢᠢᠬᠤ ᠵᠡᠷᠭᠡ ᠤᠷᠮ᠎ᠠ ᠰᠡᠳᠭᠢᠯᠭᠡ ᠨᠢ ᠬᠠᠯᠲᠠᠪᠤᠷᠢᠯᠠᠯ ᠤᠨ ᠴᠢᠨᠠᠷ ᠲᠠᠢ ᠪᠠᠢᠢᠲᠠᠭ ᠡᠴᠡ ᠡᠢᠢᠮᠦᠷᠬᠦᠦ ᠤᠷᠮ᠎ᠠ ᠰᠡᠳᠭᠢᠯᠭᠡ ᠲᠠᠢ ᠬᠦᠮᠦᠰ ᠲᠠᠢ ᠤᠯᠠᠨ ᠤᠢᠢᠷᠠᠲᠤᠬᠤ ᠨᠢ ᠠᠮᠠᠷᠠᠬᠠᠨ ᠦᠪᠡᠷ ᠤᠨ ᠤᠷᠮ᠎ᠠ ᠰᠡᠳᠭᠢᠯᠭᠡ ᠶᠢ ᠴᠤ ᠨᠦᠯᠦᠭᠡᠯᠡᠲᠡᠭ ᠪᠠᠢᠢᠨ᠎ᠠ᠃ ᠡᠢᠢᠮᠦ ᠡᠴᠡ ᠨᠡᠢᠢᠭᠡᠮ ᠤᠨ ᠬᠠᠷᠢᠭᠤᠴᠠᠯᠭ᠎ᠠ ᠪᠠᠨ ᠴᠢᠩᠭ᠋ᠠᠳᠬᠠᠵᠤ᠂ ᠢᠲᠡᠪᠬᠢᠲᠡᠢ ᠤᠪᠤᠷ ᠶᠢᠡᠷ ᠠᠮᠢᠲᠤᠷᠠᠯ ᠳ᠋ᠤ ᠬᠠᠨᠲᠤᠲᠠᠭ ᠬᠦᠮᠦᠰ ᠲᠠᠢ ᠢᠯᠡᠬᠦᠭᠡᠨ ᠨᠦᠬᠦᠷᠯᠡᠵᠦ ᠶᠠᠪᠤᠬᠤ ᠨᠢ ᠲᠤᠩ ᠴᠢᠬᠤᠯᠠ᠃

    6. ᠪᠠᠭ᠎ᠠ ᠠᠮᠵᠢᠯᠲᠠ ᠪᠠᠨ ᠪᠠᠬᠠᠲᠤᠨ ᠳ᠋ᠦᠩᠨᠡᠬᠦ᠃

    ᠠᠮᠢᠲᠤᠷᠠᠯ ᠳ᠋ᠤ ᠢᠲᠡᠪᠬᠢᠲᠡᠢ ᠤᠪᠤᠷ ᠶᠢᠡᠷ ᠬᠠᠨᠲᠤᠬᠤ ᠬᠦᠮᠦᠨ ᠶᠡᠬᠡ ᠪᠠᠭ᠎ᠠ ᠠᠮᠵᠢᠯᠲᠠ ᠶᠢ ᠠᠲᠠᠯᠢᠬᠠᠨ ᠶᠢᠡᠷ ᠴᠢᠬᠤᠯᠠᠴᠢᠯᠠᠨ ᠦᠵᠡᠲᠡᠭ᠃ ᠡᠭᠦᠨ ᠳ᠋ᠤ ᠠᠮᠢᠲᠤᠷᠠᠯ ᠤᠨ ᠲᠤᠮᠲᠠᠬᠢ ᠵᠢᠵᠢᠭ᠍ᠬᠡᠨ ᠶᠠᠪᠤᠲᠠᠯ ᠴᠤ ᠭᠡᠰᠡᠨ ᠬᠦᠮᠦᠰ ᠤᠨ ᠢᠲᠡᠪᠬᠢ ᠤᠷᠮ᠎ᠠ ᠰᠡᠳᠭᠢᠯᠭᠡ ᠶᠢ ᠲᠠᠢᠢᠴᠢᠯᠠᠵᠤ ᠴᠢᠲᠠᠲᠠᠭ᠃

    7. ᠠᠮᠵᠢᠯᠲᠠ ᠳ᠋ᠤ ᠤᠬᠠᠭᠠᠯᠢᠭ ᠶᠢᠡᠷ ᠬᠠᠨᠲᠤᠨ ᠬᠠᠷᠠᠯᠲᠠ ᠲᠤᠲᠤᠷᠬᠠᠢ ᠪᠠᠢᠢᠬᠤ᠃

    ᠬᠡᠲᠦ ᠪᠠᠶᠠᠰᠤᠩᠭ᠋ᠤᠢ ᠤᠪᠤᠷ ᠲᠠᠢ ᠪᠠᠢᠢᠬᠤ ᠨᠢ ᠵᠠᠷᠢᠮ ᠦᠶ᠎ᠠ ᠳ᠋ᠤ ᠬᠠᠷᠠᠯᠲᠠ ᠪᠠᠨ ᠪᠡᠶᠡᠯᠡᠬᠦᠯᠬᠦ ᠶᠢ ᠶᠡᠬᠡ ᠬᠠᠷᠰᠢᠯᠠᠲᠠᠭ᠃ ᠠᠮᠵᠢᠯᠲᠠ ᠬᠦᠭᠡᠭᠡᠴᠡᠯᠲᠦᠯ ᠤᠨ ᠲᠤᠮᠲᠠ ᠬᠦᠮᠦᠨ ᠪᠤᠯᠭᠠᠨ ᠨᠤᠭᠤᠷᠠᠯ ᠪᠦᠲᠦᠷᠢᠯ ᠳ᠋ᠤ ᠤᠴᠠᠷᠠᠲᠠᠭ᠃ ᠢᠲᠡᠪᠬᠢ ᠤᠪᠤᠷ ᠶᠢᠡᠷ ᠠᠮᠢᠲᠤᠷᠠᠯ ᠳ᠋ᠤ ᠬᠠᠨᠲᠤᠲᠠᠭ ᠬᠦᠮᠦᠨ ᠠᠮᠵᠢᠯᠲᠠ ᠳ᠋ᠤ ᠴᠤ ᠲᠤᠩ ᠤᠬᠠᠭᠠᠯᠢᠭ ᠶᠢᠡᠷ ᠬᠠᠨᠲᠤᠲᠠᠭ᠃ ᠢᠩᠭᠢᠬᠦ ᠨᠢ ᠪᠤᠲᠠᠲᠤ ᠪᠠᠢᠢᠲᠠᠯ ᠲᠠᠢ ᠨᠡᠢᠢᠴᠡᠨ᠂ ᠦᠷ᠎ᠡ ᠳ᠋ᠦᠩ ᠰᠠᠢᠢᠨ ᠪᠤᠯᠬᠤ ᠨᠢ ᠲᠠᠮᠵᠢᠭ ᠦᠭᠡᠢ᠃

    8. ᠪᠡᠯᠡᠳᠭᠡᠯ ᠪᠦᠷᠢᠨ ᠪᠠᠲᠤᠯᠠᠭ᠎ᠠ ᠬᠦᠢᠴᠡᠳ ᠪᠠᠢᠢᠬᠤ᠃

    ᠡᠢᠢᠮᠦᠷᠬᠦᠦ ᠬᠦᠮᠦᠨ ᠬᠦᠮᠦᠰ ᠤᠨ ᠬᠤᠭᠤᠷᠤᠨᠲᠤᠬᠢ ᠬᠠᠷᠢᠴᠠᠭ᠎ᠠ ᠶᠢ ᠵᠤᠬᠢᠰᠲᠠᠢ ᠰᠢᠢᠳᠪᠦᠷᠢᠯᠡᠵᠦ ᠴᠢᠲᠠᠬᠤ ᠪᠡᠷ ᠪᠠᠷᠠᠬᠤ ᠦᠭᠡᠢ ᠤᠲᠠᠭ᠎ᠠ ᠪᠤᠯᠭᠠᠨ ᠬᠦᠴᠢᠷ ᠲᠦᠪᠡᠭ᠌ ᠲᠠᠢ ᠲᠤᠯᠭᠠᠷᠠᠪᠠᠯ ᠠᠶᠤᠨ ᠪᠠᠯᠠᠮᠠᠭᠲᠠᠬᠤ ᠦᠭᠡᠢ᠂ ᠬᠠᠷᠢᠨ ᠨᠡᠩ ᠪᠦᠲᠦᠭᠡᠯᠴᠢ ᠰᠡᠳᠭᠢᠬᠦᠢ ᠪᠡᠷ ᠠᠰᠠᠭᠤᠲᠠᠯ ᠢ ᠰᠢᠢᠳᠪᠦᠷᠢᠯᠡᠲᠡᠭ ᠪᠠᠢᠢᠨ᠎ᠠ᠃

    

ᠢᠷᠡᠯᠳᠡ᠄ ᠰᠢᠨᠵᠢᠯᠡᠬᠦ ᠤᠬᠠᠭᠠᠨ ᠠᠮᠢᠲᠤᠷᠠᠯ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791117688523