蒙古文网站Logo
ᠰᠢᠨᠬᠤᠸᠠ ᠮᠤᠩᠭ᠋ᠤᠯ ᠨᠧᠲ

ᠲᠤᠯᠤᠭᠠᠨ ᠵᠦᠢᠯ ᠤᠨ ᠵᠢᠮᠢᠰ ᠢ ᠦᠯᠦᠨ ᠶᠢᠡᠷ ᠢᠲᠡᠬᠦ ᠨᠢ ᠮᠠᠭᠤ

2016-01-07 12:12

    ᠲᠦᠪᠡᠳ ᠬᠠᠰᠢ᠄ ᠲᠦᠪᠡᠳ ᠬᠠᠰᠢ ᠶᠢᠨ ᠲᠤᠲᠤᠷ᠎ᠠ ᠶᠡᠬᠡ ᠬᠡᠮᠵᠢᠶᠠᠨ ᠤ ᠵᠢᠮᠢᠰ ᠤᠨ ᠴᠠᠪᠠᠤ᠂ ᠬᠠᠰᠢ ᠶᠢᠨ ᠴᠠᠪᠠᠤᠯᠢᠭ ᠹᠸᠨᠤᠯ ᠠᠭᠤᠯᠤᠭᠲᠠᠵᠤ ᠪᠠᠢᠢᠲᠠᠭ ᠪᠤᠯᠬᠤᠷ ᠲᠦᠪᠡᠳ ᠬᠠᠰᠢ ᠨᠢ ᠦᠯᠦᠨ ᠶᠢᠡᠷ ᠢᠲᠡᠪᠡᠯ ᠬᠤᠲᠤᠭᠤᠲᠤ ᠶᠢᠨ ᠲᠤᠲᠤᠷ᠎ᠠ ᠬᠠᠲᠠᠭᠤᠯᠢᠭ ᠪᠤᠲᠠᠰ ᠪᠦᠷᠢᠯᠲᠦᠵᠦ᠂ ᠬᠤᠲᠤᠭᠤᠲᠤ ᠬᠦᠬᠡᠬᠡᠵᠦ ᠡᠪᠡᠳᠬᠦ ᠢᠯᠡᠷᠡᠯ ᠲᠠᠢ ᠪᠤᠯᠲᠠᠭ᠃

    ᠱᠠᠪᠲᠠᠯ᠎ᠠ᠄ ᠱᠠᠪᠲᠠᠯ᠎ᠠ ᠶᠢᠨ ᠲᠤᠲᠤᠷ᠎ᠠ ᠴᠠᠪᠠᠤᠯᠢᠭ ᠹᠸᠨᠤᠯ᠂ ᠵᠢᠮᠢᠰ ᠤᠨ ᠴᠠᠪᠠᠤ᠂ ᠲᠠᠨᠢᠨ ᠬᠦᠴᠢᠯ ᠵᠡᠷᠭᠡ ᠪᠤᠲᠠᠰ ᠠᠭᠤᠯᠵᠤ᠂ ᠮᠠᠰᠢ ᠴᠢᠩᠭ᠋᠎ᠠ ᠠᠪᠴᠢᠭᠤᠯᠬᠤ ᠴᠢᠨᠠᠷᠲᠠᠢ ᠪᠠᠢᠢᠲᠠᠭ ᠲᠤᠯᠠ ᠦᠷᠭᠦᠯᠵᠢ ᠦᠯᠦᠨ ᠶᠢᠡᠷ ᠱᠠᠪᠲᠠᠯ᠎ᠠ ᠢᠲᠡᠪᠡᠯ ᠬᠤᠲᠤᠭᠤᠲᠤ ᠶᠢᠨ ᠲᠤᠲᠤᠷ᠎ᠠ ᠴᠢᠯᠠᠭᠤᠯᠢᠭ ᠪᠤᠲᠠᠰ ᠬᠢᠯᠪᠠᠷ ᠡᠭᠦᠰᠴᠦ ᠮᠡᠳᠡᠨ᠎ᠡ᠃

    ᠪᠠᠨᠠᠨᠠ᠄ ᠪᠠᠨᠠᠨᠠ ᠶᠢᠨ ᠲᠤᠲᠤᠷ᠎ᠠ ᠶᠡᠬᠡ ᠬᠡᠮᠵᠢᠶᠠᠨ ᠤ ᠮᠠᠨᠨᠢ ᠪᠠᠢᠢᠲᠠᠭ ᠪᠤᠯᠬᠤᠷ ᠦᠯᠦᠨ ᠶᠢᠡᠷ ᠪᠠᠨᠠᠨᠠ ᠠᠷᠪᠢᠨ ᠢᠲᠡᠪᠡᠯ ᠵᠢᠷᠦᠬᠡ ᠰᠤᠲᠠᠯ ᠳ᠋ᠤ ᠬᠤᠢᠢᠷᠭᠤ ᠦᠢᠯᠡᠳᠦᠯ ᠭᠠᠷᠭᠠᠵᠤ ᠡᠷᠡᠭᠦᠯ ᠳ᠋ᠤ ᠠᠰᠢᠭ ᠦᠭᠡᠢ᠃

    ᠵᠦᠷᠵᠢ᠄ ᠵᠦᠷᠵᠢ ᠶᠢᠨ ᠲᠤᠲᠤᠷ᠎ᠠ ᠶᠡᠬᠡ ᠬᠡᠮᠵᠢᠶᠠᠨ ᠤ ᠰᠢᠬᠢᠷᠯᠢᠭ᠌ ᠪᠠ ᠤᠷᠭᠠᠨᠢᠭ ᠬᠦᠴᠢᠯ ᠠᠭᠤᠯᠵᠤ ᠪᠠᠢᠢᠲᠠᠭ ᠲᠤᠯᠠ ᠦᠯᠦᠨ ᠶᠢᠡᠷ ᠵᠦᠷᠵᠢ ᠢᠲᠡᠬᠦ ᠨᠢ ᠬᠤᠲᠤᠭᠤᠲᠤᠨ ᠳ᠋ᠤ ᠰᠡᠳᠡᠯᠲᠡ ᠲᠠᠢ᠃

    ᠲᠤᠯᠤᠨᠤ᠄ ᠲᠤᠯᠤᠨᠤ ᠬᠦᠴᠢᠯᠯᠢᠭ᠌ ᠪᠦᠭᠡᠳ ᠢᠲᠡᠰᠢ ᠶᠢ ᠰᠢᠩᠭᠡᠭᠡᠬᠦ ᠦᠢᠯᠡᠳᠦᠯ ᠲᠠᠢ ᠪᠤᠯᠪᠠᠴᠤ ᠦᠯᠦᠨ ᠶᠢᠡᠷ ᠲᠤᠯᠤᠨᠤ ᠢᠲᠡᠬᠦ ᠨᠢ ᠬᠤᠲᠤᠭᠤᠲᠤᠨ ᠳ᠋ᠤ ᠠᠰᠢᠭ ᠦᠭᠡᠢ᠃

    ᠨᠢᠰᠢᠩᠬᠦ ᠬᠢᠭᠡᠳ ᠪᠡᠷᠭᠢᠷ ᠯᠤᠤ ᠶᠢᠨ ᠨᠢᠲᠦ᠄ ᠡᠨᠡ ᠬᠤᠶᠠᠷ ᠵᠢᠮᠢᠰ ᠨᠢ ᠰᠢᠬᠢᠷᠯᠢᠭ᠌ ᠤᠨ ᠬᠡᠮᠵᠢᠶ᠎ᠠ ᠨᠡᠯᠢᠶᠡᠳ ᠦᠨᠳᠦᠷ ᠪᠤᠯᠬᠤᠷ ᠬᠡᠲᠦᠷᠬᠡᠢ ᠢᠲᠡᠬᠦ ᠨᠢ ᠡᠷᠡᠭᠦᠯ ᠳ᠋ᠤ ᠠᠰᠢᠭ ᠦᠭᠡᠢ᠃

    ( 《ᠡᠷᠢᠨ ᠴᠠᠭ ᠲᠤ ᠨᠦᠯᠦᠭᠡ ᠲᠠᠢ 99 ᠠᠮᠢᠲᠤᠷᠠᠯ ᠤᠨ ᠠᠷᠭ᠎ᠠ ᠤᠬᠠᠭᠠᠨ》 ᠡᠴᠡ ᠨᠤᠮ ᠡᠴᠡ ᠱᠦᠭᠦᠨ ᠨᠠᠢᠢᠷᠠᠭᠤᠯᠪᠠ)

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791117700126