蒙古文网站Logo
ᠰᠢᠨᠬᠤᠸᠠ ᠮᠤᠩᠭ᠋ᠤᠯ ᠨᠧᠲ

ᠭᠤᠣ᠎ᠠ ᠴᠢᠬᠢᠷᠠᠭ ᠡᠮᠡᠭᠲᠡᠢ ᠪᠤᠯᠤᠶ᠎ᠠ ᠭᠡᠪᠡᠯ ᠢᠲᠡᠭᠡᠨ ᠶᠢᠡᠨ ᠲᠤᠬᠢᠷᠠᠭᠤᠯᠵᠤ ᠴᠢᠲᠠᠬᠤ ᠬᠡᠷᠡᠭᠲᠡᠢ

2016-01-11 10:59

    ᠪᠤᠴᠠᠯᠤᠭᠰᠠᠨ ᠤᠰᠤ ᠢᠯᠡᠭᠦᠬᠡᠨ ᠤᠤᠭᠤᠬᠤ᠃ ᠭᠦᠢᠴᠡᠳ ᠤᠰᠤ ᠨᠦᠭᠦᠪᠦᠷᠢᠯᠡᠬᠦ ᠨᠢ ᠰᠢᠨ᠎ᠡ ᠬᠠᠭᠤᠴᠢᠨ ᠤ ᠰᠤᠯᠢᠯᠴᠠᠭ᠎ᠠ ᠶᠢ ᠲᠦᠷᠭᠡᠳᠭᠡᠬᠦ ᠪᠦᠭᠡᠳ ᠨᠢᠭᠤᠷ ᠴᠢᠷᠠᠢ ᠶᠢ ᠪᠤᠯᠪᠠᠷᠠᠢᠢᠵᠢᠭᠤᠯᠤᠨ᠎ᠠ᠃

    ᠤᠯᠠᠨ ᠵᠦᠢᠯ ᠤᠨ ᠬᠤᠯᠢᠮᠠᠭ ᠸᠢᠲ᠋ᠠᠮᠢᠨ ᠬᠠᠪᠲᠠᠭᠠᠢ ᠶᠢ ᠡᠲᠦᠷ ᠲᠤ ᠨᠢᠭᠡ ᠦᠷᠡᠯ ᠤᠤᠭᠤᠬᠤ᠃ 30 ᠨᠠᠰᠤ ᠶᠢ ᠬᠡᠲᠦᠷᠡᠭᠰᠡᠳ ᠦᠲᠡᠯᠬᠦ ᠶᠢ ᠤᠲᠠᠭᠠᠰᠢᠷᠠᠭᠤᠯᠬᠤ ᠶᠢᠨ ᠲᠦᠯᠦᠭᠡ᠂ ᠸᠢᠲ᠋ᠠᠮᠢᠨC᠂ ᠸᠢᠲ᠋ᠠᠮᠢᠨEᠶᠢ ᠵᠠᠪᠠᠯ ᠨᠦᠬᠦᠪᠦᠷᠢᠯᠡᠬᠦ ᠬᠡᠷᠡᠭᠲᠡᠢ᠃

    ᠨᠢᠭᠡ ᠬᠠᠯᠪᠠᠭ᠎ᠠ ᠼᠤᠤ ᠤᠤᠭᠤᠬᠤ᠃ ᠡᠲᠦᠷ ᠪᠦᠷᠢ 3 ᠡᠷᠡᠨ ᠤ ᠬᠤᠭᠤᠯᠠᠨ ᠳ᠋ᠠᠭᠠᠨ ᠵᠤᠬᠢᠬᠤ ᠬᠡᠮᠵᠢᠶᠠᠨ ᠤ ᠼᠤᠤ ᠤᠤᠭᠤᠪᠠᠯ ᠴᠢᠰᠤᠨ ᠰᠤᠲᠠᠯ ᠬᠠᠲᠠᠭᠤᠷᠠᠬᠤ ᠭᠡᠮ ᠢ ᠰᠡᠷᠭᠡᠢᠢᠯᠡᠵᠦ ᠴᠢᠲᠠᠨ᠎ᠠ᠃

    ᠨᠢᠭᠡ ᠴᠤᠮᠤ ᠡᠭᠡᠲᠡᠭ᠍ᠰᠡᠨ ᠰᠦ᠋ ᠤᠤᠭᠤᠬᠤ᠃ ᠦᠨᠢᠶᠠᠨ ᠰᠦ᠋ ᠶᠢᠨ ᠺᠠᠯᠼ ᠨᠦᠭᠦᠪᠦᠷᠢᠯᠡᠬᠦ ᠦᠢᠯᠡᠳᠦᠯ ᠨᠢ ᠶᠠᠮᠠᠷᠪᠠ ᠢᠲᠡᠭᠡᠨ ᠡᠴᠡ ᠴᠤ ᠪᠦᠷ ᠰᠠᠢᠢᠨ ᠪᠠᠢᠢᠲᠠᠭ᠂ ᠢᠯᠠᠩ᠋ᠭᠤᠶ᠎ᠠ ᠡᠭᠡᠲᠡᠭᠰᠡᠨ ᠰᠦ᠋ ᠶᠢ ᠬᠦᠮᠦᠰ ᠠᠮᠠᠷᠠᠬᠠᠨ ᠰᠢᠩᠭᠡᠭᠡᠨ ᠠᠪᠲᠠᠭ ᠪᠤᠯᠬᠤᠷ ᠡᠮᠡᠭᠲᠡᠢᠢᠴᠦᠳ ᠡᠲᠦᠷ ᠪᠦᠷᠢ 1 – 2 ᠴᠤᠮᠤ ᠡᠭᠡᠲᠡᠭᠰᠡᠨ ᠰᠦ᠋ ᠤᠤᠭᠤᠪᠠᠯ ᠵᠤᠬᠢᠨ᠎ᠠ᠃

    ᠨᠢᠭᠡ ᠯᠤᠩᠬᠤ ᠷᠠᠰᠢᠶᠠᠨ ᠤᠰᠤ ᠬᠡᠷᠡᠭᠯᠡᠬᠦ᠃ ᠨᠢᠭᠤᠷ ᠶᠢᠡᠨ ᠤᠬᠢᠶᠠᠭᠰᠠᠨ ᠤ ᠲᠠᠷᠠᠭ᠎ᠠ᠂ ᠷᠠᠰᠢᠶᠠᠨ ᠤᠰᠤ ᠪᠡᠷ ᠶᠢᠡᠨ ᠨᠤᠷᠭᠠᠭᠰᠠᠨ ᠱᠠ ᠪᠦᠰ ᠶᠢᠡᠷ ᠨᠢᠭᠤᠷ ᠶᠢᠡᠨ ᠪᠦᠲᠡᠭᠡᠵᠦ᠂ ᠬᠠᠲᠠᠭᠰᠠᠨ ᠤ ᠬᠤᠢᠢᠨ᠎ᠠ ᠲᠠᠬᠢᠨ ᠨᠤᠷᠭᠠᠵᠤ᠂ ᠬᠡᠲᠦᠨᠲᠡ ᠪᠦᠲᠡᠭᠡᠬᠦ ᠬᠡᠷᠡᠭᠲᠡᠢ᠃

    ᠨᠢᠭᠡ ᠲᠦᠪᠡᠳ ᠬᠠᠰᠢ ᠢᠲᠡᠬᠦ᠃ ᠲᠦᠪᠡᠳ ᠬᠠᠰᠢ ᠳ᠋ᠤ ᠸᠢᠲ᠋ᠠᠮᠢᠨCᠬᠠᠮᠤᠭ ᠤᠨ ᠡᠯᠪᠡᠭ᠌ ᠠᠭᠤᠯᠤᠭᠲᠠᠵᠤ ᠪᠠᠢᠢᠲᠠᠭ᠃ ᠡᠲᠦᠷ ᠪᠦᠷᠢ ᠨᠢᠭᠡ ᠲᠦᠪᠡᠳ ᠬᠠᠰᠢ ᠢᠲᠡᠪᠡᠯ ᠨᠢᠭᠡ ᠡᠲᠦᠷ ᠤᠨ ᠬᠡᠷᠡᠭᠰᠡᠬᠦ ᠸᠢᠲ᠋ᠠᠮᠢᠨCᠶᠢ ᠭᠦᠢᠴᠡᠳ ᠨᠦᠬᠦᠪᠦᠷᠢᠯᠡᠵᠦ ᠴᠢᠲᠠᠨ᠎ᠠ᠃ 

    ( 《ᠡᠷᠢᠨ ᠴᠠᠭ ᠲᠤ ᠨᠦᠯᠦᠭᠡ ᠲᠠᠢ 99 ᠠᠮᠢᠲᠤᠷᠠᠯ ᠤᠨ ᠠᠷᠭ᠎ᠠ ᠤᠬᠠᠭᠠᠨ》 ᠨᠤᠮ ᠡᠴᠡ ᠱᠦᠭᠦᠨ ᠨᠠᠢᠢᠷᠠᠭᠤᠯᠪᠠ)

    

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791117732699