蒙古文网站Logo
ᠰᠢᠨᠬᠤᠸᠠ ᠮᠤᠩᠭ᠋ᠤᠯ ᠨᠧᠲ

ᠬᠠᠭᠤᠷᠤᠯᠭ᠎ᠠ ᠬᠠᠭᠠᠷᠢᠯᠭ᠎ᠠ ᠶᠢ ᠵᠤᠬᠢᠴᠠᠭᠤᠯᠬᠤ ᠠᠷᠭ᠎ᠠ

2016-01-13 08:48

    1.  ᠲᠠᠪᠤᠰᠤ ᠨᠢ ᠶᠡᠬᠡᠲᠡᠭᠰᠡᠨ ᠨᠤᠭᠤᠭ᠎ᠠ ᠳ᠋ᠤ ᠵᠢᠭᠠᠬᠠᠨ ᠰᠢᠬᠢᠷ ᠬᠢᠪᠡᠯ ᠱᠤᠷᠪᠤᠭ ᠠᠮᠲᠠ ᠨᠢ ᠲᠠᠷᠤᠭᠲᠠᠨ᠎ᠠ᠃

    2.  ᠨᠤᠭᠤᠭ᠎ᠠ ᠳ᠋ᠠᠭᠠᠨ ᠬᠡᠲᠦᠷᠡᠲᠡᠯ᠎ᠡ ᠼᠤᠤ ᠲᠤᠰᠤᠭᠠᠭᠰᠠᠨ ᠪᠤᠯ ᠨᠢᠭᠡ ᠴᠤᠬᠤᠢᠢᠲᠠᠭᠰᠠᠨ ᠦᠨᠲᠡᠭᠡ ᠶᠢ ᠨᠢᠴᠠᠯᠵᠤ ᠬᠢᠪᠡᠯ ᠪᠤᠯᠴᠢᠬᠠᠲᠠᠭ᠃

    3.  ᠴᠢᠨᠠᠭᠰᠠᠨ ᠭᠤᠯᠢᠷ ᠴᠢᠨᠢ ᠨᠠᠭᠠᠯᠲᠤᠵᠤ ᠪᠦᠭᠡᠮᠨᠡᠷᠡᠪᠡᠯ ᠪᠤᠲᠠᠭ᠎ᠠ ᠪᠡᠷ ᠨᠡᠷᠡᠭᠰᠡᠨ ᠠᠷᠢᠬᠢ ᠲᠤᠰᠤᠭᠠᠪᠠᠯ ᠵᠠᠲᠠᠷᠠᠵᠤ ᠰᠠᠯᠴᠢᠬᠠᠨ᠎ᠠ᠃

    4.  ᠯᠠᠵᠤᠤ ᠶᠡᠬᠡ ᠭᠤᠱᠤᠭᠤᠨ ᠪᠠᠢᠢᠪᠠᠯ 1 ᠲᠠᠬᠢᠶᠠᠨ ᠦᠨᠲᠡᠭᠡ ᠬᠤᠯᠢᠵᠤ ᠬᠠᠭᠤᠷᠴᠤ ᠪᠤᠯᠤᠨ᠎ᠠ᠃

    5.  ᠬᠡᠲᠦᠷᠬᠡᠢ ᠬᠤᠷᠴᠠ ᠱᠦᠯᠦᠨ ᠳ᠋ᠤ ᠵᠢᠭᠠᠬᠠᠨ ᠭᠠᠯ ᠳ᠋ᠤ ᠰᠢᠷᠠᠭᠰᠠᠨ ᠤᠯᠠᠭᠠᠨ ᠨᠤᠭᠤᠭ᠎ᠠ ᠬᠢᠵᠦ ᠤᠷᠤᠭᠤᠯᠪᠠᠯ ᠱᠠᠩᠲᠠᠭᠤᠨ ᠦᠭᠡᠢ ᠪᠤᠯᠴᠢᠬᠠᠲᠠᠭ᠃ ᠡᠭᠦᠨ ᠳ᠋ᠤ ᠨᠢᠬᠡ ᠬᠤᠶᠠᠷ ᠬᠡᠰᠡᠭ ᠵᠦᠷᠵᠢ ᠶᠢᠨ ᠬᠠᠯᠢᠰᠤ ᠬᠢᠵᠦ ᠪᠤᠴᠠᠯᠭᠠᠪᠠᠯ ᠮᠢᠬᠠᠨ ᠱᠦᠯᠦ ᠴᠢᠨᠢ ᠬᠤᠷᠴᠠ ᠦᠭᠡᠢ ᠪᠤᠯᠬᠤ ᠲᠡᠭᠡᠷ᠎ᠡ ᠪᠠᠨ ᠰᠠᠢᠢᠬᠠᠨ ᠠᠮᠲᠠ ᠲᠠᠢ ᠪᠤᠯᠤᠨ᠎ᠠ᠃

    6.  ᠴᠢᠨᠠᠭᠰᠠᠨ ᠪᠤᠶᠤ ᠲᠤᠰᠤᠨ ᠳ᠋ᠤ ᠪᠤᠴᠠᠯᠭᠠᠭᠰᠠᠨ ᠮᠢᠬ᠎ᠠ ᠡᠰᠡᠭᠦᠯ᠎ᠡ ᠵᠢᠭᠠᠰᠤ ᠱᠠᠩᠲᠠᠭᠤᠨ ᠪᠤᠯᠪᠠᠯ ᠲᠤᠭᠤᠭᠠᠨ ᠳ᠋ᠠᠭᠠᠨ ᠨᠢᠭᠡ ᠴᠤᠮᠤ ᠫᠢᠸᠤ᠋ ᠬᠢᠵᠦ ᠲᠠᠬᠢᠵᠤ ᠴᠢᠨᠠᠵᠤ ᠪᠤᠴᠠᠯᠭᠠᠪᠠᠯ ᠱᠠᠩᠲᠠᠭᠤᠨ ᠦᠭᠡᠢ ᠪᠤᠯᠴᠢᠬᠠᠨ᠎ᠠ᠃

    7.  ᠨᠤᠭᠤᠭ᠎ᠠ ᠶᠢᠨ ᠱᠦᠯᠦ ᠱᠤᠷᠪᠤᠭᠰᠢᠵᠤ ᠤᠰᠤ ᠨᠡᠮᠡᠵᠦ ᠪᠤᠯᠬᠤ ᠦᠭᠡᠢ ᠦᠶᠡᠰ ᠬᠡᠲᠦᠨ ᠬᠡᠰᠡᠭ ᠳ᠋ᠸᠦᠹᠦ᠋ ᠪᠤᠶᠤ ᠲᠤᠰᠤᠨ ᠳ᠋ᠤ ᠪᠤᠴᠠᠯᠭᠠᠭᠰᠠᠨ ᠳ᠋ᠸᠹᠦ᠋᠂ ᠡᠰᠡᠭᠦᠯ᠎ᠡ ᠴᠡᠪᠡᠷᠬᠡᠨ ᠪᠦᠰ ᠲᠤ ᠬᠠᠭᠤᠷᠠᠢ ᠭᠤᠯᠢᠷ( ᠲᠤᠲᠤᠷᠭ᠎ᠠ ᠪᠠᠰᠠ ᠪᠤᠯᠤᠨ᠎ᠠ)ᠪᠠᠭᠯᠠᠵᠤ ᠴᠢᠨᠠᠨ᠎ᠠ᠂ ᠬᠡᠲᠦᠨ ᠬᠡᠷᠴᠢᠮ ᠲᠦᠮᠦᠰᠦ ᠬᠢᠵᠦ ᠴᠢᠨᠠᠭᠰᠠᠨ ᠴᠤ ᠪᠤᠯᠤᠨ᠎ᠠ᠃

    8.  ᠬᠠᠭᠤᠷᠤᠭᠰᠠᠨ ᠨᠤᠭᠤᠭ᠎ᠠ ᠶᠢᠨ ᠵᠢᠶᠠᠩᠶ‍ᠢᠦ ᠨᠢ ᠬᠡᠲᠦᠷᠡᠭᠰᠡᠨ ᠪᠤᠯ ᠦᠨᠢᠶᠠᠨ ᠰᠦ᠋ ᠬᠢᠵᠦ ᠬᠠᠭᠤᠷᠪᠠᠯ ᠦᠩᠭᠡ ᠦᠨᠦᠷ ᠠᠮᠲᠠ ᠨᠢ ᠰᠠᠢᠢᠬᠠᠨ ᠪᠤᠯᠲᠠᠭ᠃

    9.  ᠲᠠᠪᠤᠰᠤᠯᠠᠭᠰᠠᠨ ᠨᠤᠭᠤᠭ᠎ᠠ ᠴᠢᠨᠢ ᠲᠡᠩᠲᠡᠭᠦᠦ ᠱᠤᠷᠪᠤᠭ ᠪᠤᠯᠴᠢᠬᠠᠪᠠᠯ ᠵᠢᠭᠠᠬᠠᠨ ᠬᠠᠷ᠎ᠠ ᠠᠷᠢᠬᠢ ᠲᠤᠰᠤᠭᠠᠭᠰᠠᠨ ᠤᠰᠤᠨ ᠳ᠋ᠤ ᠬᠡᠷᠴᠢᠭᠰᠡᠨ ᠨᠤᠭᠤᠭ᠎ᠠ ᠪᠠᠨ ᠬᠢᠵᠦ ᠲᠠᠯᠪᠢᠭᠠᠳ ᠤᠲᠠᠰᠬᠢᠭᠡᠳ ᠢᠲᠡᠪᠡᠯ ᠱᠤᠷᠪᠤᠭ ᠦᠭᠡᠢ ᠪᠤᠯᠴᠢᠬᠠᠬᠤ ᠪᠦᠭᠡᠳ ᠠᠮᠲᠠ ᠨᠢ ᠨᠡᠩ ᠰᠠᠢᠢᠬᠠᠨ ᠪᠤᠯᠲᠠᠭ᠃

    10.      ᠠᠮᠲᠠ ᠶᠢᠨ ᠤᠬᠢ ᠨᠢ ᠬᠡᠲᠦᠷᠡᠭᠰᠡᠨ ᠨᠤᠭᠤᠭ᠎ᠠ ᠵᠠᠭᠤᠰᠢᠨ ᠳ᠋ᠤ ᠤᠰᠤ ᠪᠤᠶᠤ ᠨᠤᠭᠤᠭ᠎ᠠ ᠪᠠᠨ ᠨᠡᠮᠡᠵᠦ ᠵᠢᠭᠠᠨᠬᠠᠨ ᠪᠤᠴᠠᠯᠭᠠᠪᠠᠯ ᠰᠤᠨᠢᠨ ᠠᠮᠲᠠ ᠶᠢ ᠲᠠᠷᠤᠲᠠᠭ᠃

    (《ᠡᠷᠢᠨ ᠴᠠᠭ ᠲᠤ ᠨᠦᠯᠦᠭᠡ ᠲᠠᠢ 99 ᠠᠮᠢᠲᠤᠷᠠᠯ ᠤᠨ ᠠᠷᠭ᠎ᠠ ᠤᠬᠠᠭᠠᠨᠨᠤᠮ ᠡᠴᠡ ᠱᠦᠭᠦᠨ ᠨᠠᠢᠢᠷᠠᠭᠤᠯᠪᠠ)

    

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791117755862