蒙古文网站Logo
ᠰᠢᠨᠬᠤᠸᠠ ᠮᠤᠩᠭ᠋ᠤᠯ ᠨᠧᠲ

ᠳᠤᠯᠤᠭᠠᠢ ᠳᠠᠭᠠᠷᠠᠭᠰᠠᠨ ᠡᠴᠡ ᠤᠢ ᠳᠤᠭᠳᠠᠭᠠᠯᠳᠠ ᠮᠠᠭᠤᠳᠠᠵᠤ ᠪᠤᠬᠢᠨᠢᠳᠤᠯ ᠳᠤ ᠦᠷᠳᠡᠬᠦ ᠪᠤᠯᠤᠮᠵᠢ ᠲᠠᠢ

2016-01-20 11:56

 

    ᠤᠶᠢᠷ᠎ᠠ ᠶᠢᠨ ᠡᠳᠦᠷ ᠤᠳ ᠲᠤ ᠬᠦᠢᠲᠡᠨ ᠦ ᠡᠷᠴᠢ ᠮᠠᠰᠢ ᠴᠢᠩᠭ᠋ᠠᠷᠠᠵᠤ ᠪᠤᠢ᠃ ᠢᠷᠡᠬᠦ ᠡᠳᠦᠷ ᠤᠳ ᠲᠤ᠂ ᠶᠡᠬᠡᠩᠬᠢ ᠪᠦᠰᠡ ᠨᠤᠳᠤᠭ ᠤᠨ ᠴᠠᠭ ᠠᠭᠠᠷ ᠦᠷᠬᠦᠯᠵᠢᠯᠡᠨ ᠬᠦᠢᠳᠡᠷᠡᠬᠦ ᠰᠢᠨᠵᠢ ᠲᠠᠢ ᠪᠠᠶᠢᠭ᠎ᠠ ᠶᠢ ᠴᠠᠭ ᠠᠭᠠᠷ ᠤᠨ ᠳᠤᠪᠴᠢᠶ᠎ᠠ ᠡᠴᠡ ᠮᠡᠳᠡᠬᠡᠯᠡᠵᠤ ᠪᠠᠶᠢᠭᠰᠠᠨ᠃

    ᠰᠡᠷᠢᠭᠦᠨ ᠨᠥᠬᠥᠴᠡᠯ ᠳᠦ ᠨᠢᠮᠭᠡᠨ ᠬᠤᠪᠴᠠᠰᠤ᠂ ᠮᠠᠯᠠᠭᠠᠢ ᠦᠭᠡᠢ ᠶᠠᠪᠤᠭᠰᠠᠨ ᠢᠶᠠᠷ ᠡᠮᠬᠡᠭ᠌ ᠬᠠᠭᠤᠴᠢ ᠡᠪᠡᠳᠴᠢᠨ᠂ ᠮᠡᠳᠡᠷᠡᠯ ᠦᠨ ᠰᠠᠭᠤᠷᠢ ᠡᠪᠡᠳᠴᠢᠨ ᠲᠠᠢ ᠪᠣᠯᠤᠨ᠎ᠠ᠃ ᠥᠭᠡᠷ᠎ᠡ ᠪᠡᠷ ᠬᠡᠯᠡᠪᠡᠯ᠂ ᠳᠠᠭᠠᠷᠠᠬᠤ ᠳᠤ ᠪᠡᠶ᠎ᠡ ᠶᠢᠨ ᠳᠤᠯᠠᠭᠠᠨ ᠤ 7-10 ᠬᠤᠪᠢ ᠠᠯᠳᠠᠭᠳᠠᠵᠤ᠂ ᠭᠦᠷᠡᠭᠡᠨ ᠦ ᠰᠤᠳᠠᠰᠤ ᠨᠠᠷᠢᠰᠴᠤ᠂ ᠴᠢᠰᠤᠨ ᠤ ᠤᠷᠤᠰᠬᠠᠯ ᠤᠨ ᠬᠤᠷᠳᠤ ᠤᠳᠠᠭᠠᠰᠢᠷᠠᠭᠰᠠᠨ ᠢᠶᠠᠷ ᠲᠠᠷᠢᠬᠢᠨ ᠤ ᠴᠢᠰᠤᠨ ᠬᠠᠩᠭ᠋ᠠᠮᠵᠢ ᠮᠠᠭᠤᠳᠠᠳᠠᠭ ᠪᠠᠶᠢᠨ᠎ᠠ᠃ ᠢᠩᠬᠢᠭ᠍ᠰᠡᠨ ᠢᠶᠡᠷ ᠳᠠᠷᠠᠭᠠᠬᠢ ᠰᠦᠬᠡᠷᠬᠦ ᠨᠥᠯᠥᠭᠡ ᠲᠡᠢ᠃ (ᠵᠢᠷᠤᠭ ᠢ ᠢᠨᠲ᠋ᠧᠷᠨ᠋ᠸᠲ ᠡᠴᠡ)

•ᠠᠷᠬᠠᠭ ᠡᠪᠡᠳᠴᠢᠨ ᠰᠡᠳᠡᠷᠡᠬᠦ

•ᠲᠠᠷᠢᠬᠢ ᠪᠠᠷ ᠬᠠᠳᠬᠤᠭᠤᠯᠵᠤ ᠡᠪᠡᠳᠬᠦ

•ᠬᠠᠷᠠᠭ᠎ᠠ᠂ ᠰᠣᠨᠣᠰᠬᠠᠯ ᠮᠠᠭᠤᠳᠠᠬᠤ

•ᠨᠢᠯᠪᠤᠰᠤ ᠭᠣᠣᠵᠢᠳᠠᠭ ᠪᠣᠯᠬᠤ

•ᠨᠣᠶᠢᠷ ᠮᠠᠭᠤᠳᠠᠬᠤ

•ᠮᠡᠳᠡᠷᠡᠯ ᠦᠨ ᠰᠠᠭᠤᠷᠢ ᠡᠪᠡᠳᠴᠢᠨ ᠡᠭᠦᠰᠬᠦ

•ᠣᠢ ᠲᠣᠭᠲᠠᠭᠠᠯᠲᠠ ᠮᠠᠭᠤᠳᠠᠬᠤ

•ᠪᠤᠬᠢᠨᠢᠳᠤᠯ ᠳᠤ ᠥᠷᠲᠥᠵᠦ ᠠᠵᠢᠯ ᠤᠨ ᠴᠢᠳᠠᠪᠤᠷᠢ ᠪᠠᠭᠤᠷᠠᠬᠤ

•ᠬᠤᠶᠢᠬᠠᠨ ᠤ ᠡᠷᠡᠭᠦᠯ ᠣᠷᠴᠢᠨ ᠠᠯᠳᠠᠭᠳᠠᠬᠤ

•ᠦᠰᠦ ᠬᠠᠭᠤᠷᠠᠶᠢᠰᠢᠵᠤ᠂ ᠥᠩᠭᠡ ᠪᠡᠨ ᠠᠯᠳᠠᠬᠤ

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701117835463