蒙古文网站Logo
ᠰᠢᠨᠬᠤᠸᠠ ᠮᠤᠩᠭ᠋ᠤᠯ ᠨᠧᠲ

ᠰᠠᠢᠢᠨ ᠲᠤᠷ᠎ᠠ ᠡᠴᠡ ᠪᠠᠨ ᠴᠢᠰᠤ ᠬᠠᠨᠳᠢᠪᠯᠠᠬᠤ ᠨᠢ ᠦᠨᠡᠯᠡᠵᠦ ᠦᠯᠦ ᠪᠤᠯᠬᠤ ᠪᠤᠶᠠᠨ ᠤ ᠦᠢᠯᠡᠰ

2016-01-22 09:19

    ᠰᠢᠨᠬᠤᠸᠠ ᠮᠤᠨᠭᠭᠤᠯ ᠨᠸᠲ  ᠬᠦᠬᠡᠬᠤᠲᠠ ᠶᠢᠨ 1 ᠰᠠᠷ᠎ᠠ ᠶᠢᠨ 22 ᠤ ᠡᠳᠦᠷ ᠤᠨ ᠴᠠᠬᠢᠯᠭᠠᠨ ᠮᠡᠳᠡᠭᠡ( ᠰᠠᠷᠠᠨᠲᠦᠶᠠᠭ᠎ᠠ᠂ ᠨᠤᠭᠤᠭᠠᠨᠲᠠᠯ᠎ᠠ) 21 ᠤ ᠡᠳᠦᠷ᠂ ᠦᠷᠯᠦᠭᠡ ᠡᠷᠲᠡ ᠶᠢᠨ ᠨᠠᠶ᠋ᠮᠠᠨ ᠴᠠᠬ ᠡᠴᠡ ᠡᠬᠢᠯᠡᠨ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠠᠵᠢᠯᠲᠠᠳ(ᠡᠮᠴᠢ᠂ ᠰᠤᠪᠢᠯᠠᠬᠴᠢ᠂ ᠵᠢᠯᠤᠭᠤᠴᠢ᠂ ᠴᠡᠪᠡᠷᠯᠡᠭᠴᠢ ᠁) ᠰᠠᠢᠢᠨ ᠳᠤᠷ᠎ᠠ ᠡᠴᠡ ᠪᠠᠨ ᠴᠢᠰᠤ ᠬᠠᠨᠳᠢᠪᠯᠠᠬᠤ ᠠᠵᠢᠯᠯᠠᠭ᠎ᠠ ᠳᠤ ᠢᠳᠡᠪᠬᠢᠯᠡᠨ ᠤᠷᠤᠯᠴᠠᠵᠦ ᠪᠠᠢᠢᠯ᠎ᠠ᠃

    ᠰᠤᠷᠪᠤᠯᠵᠢᠯᠠᠬᠴᠢ ᠴᠢᠰᠤ ᠬᠠᠨᠳᠢᠪᠯᠠᠬᠤ ᠲᠡᠷᠭᠡᠨ ᠳᠤ ᠭᠠᠷᠬᠤ ᠳᠤ᠂ ᠪᠠᠴᠢᠮ ᠠᠪᠤᠷᠠᠯᠲᠠ ᠶᠢᠨ ᠰᠠᠯᠠᠭᠠᠨ ᠤ ᠡᠷᠬᠢᠯᠡᠭᠴᠢ ᠡᠮᠴᠢ ᠤᠨᠳᠤᠷᠠᠬᠤ ᠡᠮᠴᠢ ᠶᠠᠬ ᠴᠢᠰᠤ ᠬᠠᠨᠳᠢᠪᠯᠠᠬᠤ ᠪᠡᠷ ᠪᠡᠯᠡᠤᠠᠬᠡᠵᠦ ᠪᠠᠢᠢᠪᠠ᠃ ᠤᠢᠯᠠᠭᠠᠬᠰᠠᠨ ᠢᠶᠡᠷ᠂ ᠡᠨᠡ ᠵᠢᠯ ᠳᠠᠪᠢ ᠶᠢᠨ ᠳᠠᠪᠠᠭ᠎ᠠ ᠶᠢ ᠲᠦᠬᠦᠵᠦ ᠶᠠᠪᠤᠭ᠎ᠠ ᠠᠬᠠᠮᠠᠳ ᠡᠮᠴᠢ ᠮᠠᠨᠢ ᠪᠠᠢᠭᠤᠯᠭ᠎ᠠ ᠳᠤᠨᠢ ᠴᠢᠰᠤ ᠬᠠᠨᠳᠢᠪᠯᠠᠬᠤ ᠠᠵᠢᠯᠯᠠᠭ᠎ᠠ ᠪᠤᠯᠬᠤ ᠪᠦᠷᠢ ᠢᠷᠡᠵᠦ ᠤᠷᠤᠯᠴᠠᠳᠠᠬ ᠭᠡᠨ᠎ᠡ᠃

ᠤᠨᠳᠤᠷᠬᠤ ᠡᠮᠴᠢ ᠴᠢᠰᠤ ᠪᠠᠨ ᠬᠠᠨᠳᠢᠪᠯᠠᠵᠦ ᠪᠠᠢᠢᠭ᠎ᠠ ᠨᠢ

ᠤᠨᠳᠤᠷᠬᠤ ᠡᠮᠴᠢ ᠶᠢᠨ ᠴᠢᠰᠤ ᠪᠠᠨ ᠬᠠᠨᠳᠢᠪᠯᠠᠬᠰᠠᠨ ᠲᠡᠮᠳᠡᠭ ᠨᠤᠭᠦᠳ

    ᠦᠪᠦᠷ ᠮᠤᠨᠭᠭᠤᠯ ᠤᠨ ᠴᠢᠰᠤᠨ ᠤ ᠬᠦᠮᠦᠷᠭᠡ ᠶᠢᠨ ᠠᠵᠢᠯᠲᠠᠨ ᠯᠢ ᠾᠦᠢ ᠳ᠋ᠦ᠋ᠩ᠄《ᠵᠢᠯ ᠪᠦᠷᠢ ᠨᠢᠭᠡ ᠡᠴᠡ ᠬᠤᠶᠠᠷ ᠤᠳᠠᠭ᠎ᠠ ᠡᠨᠡ ᠡᠮᠨᠡᠯᠭᠡ ᠶᠢᠨ ᠬᠤᠷᠢᠶᠠᠨ ᠳᠤ ᠢᠷᠡᠵᠦ᠂ ᠡᠮᠴᠢ ᠠᠵᠢᠯᠲᠠᠨ ᠢᠶᠡᠷ ᠴᠢᠰᠤ ᠬᠠᠨᠳᠢᠪᠯᠠᠭᠤᠯᠳᠠᠭ᠃ ᠤᠳᠤ ᠶᠠᠬ ᠰᠢᠨ᠎ᠡ ᠤᠨ ᠤ ᠡᠬᠢᠨ ᠰᠠᠷ᠎ᠠ ᠪᠤᠯᠬᠤᠷ᠂ ᠴᠢᠰᠤᠨ ᠤ ᠬᠦᠮᠦᠷᠭᠡ ᠳᠤ ᠴᠢᠰᠤ ᠶᠡᠬᠡ ᠪᠡᠷ ᠳᠤᠲᠠᠵᠦ ᠪᠠᠢᠢᠭ᠎ᠠ ᠶᠢ ᠰᠠᠢᠨ ᠤᠢᠯᠠᠭᠠᠳᠠᠬ ᠡᠮᠴᠢ ᠠᠵᠢᠯᠲᠠᠨ ᠨᠠᠷ ᠢᠶᠡᠷ ᠴᠢᠰᠤ ᠬᠠᠨᠳᠢᠪᠯᠠᠬᠭᠤᠯᠬᠤ ᠨᠢ ᠡᠨᠡ ᠤᠨ ᠳᠤ ᠨᠡᠢᠢᠲᠡ ᠤᠯᠠᠨ ᠢ ᠳᠠᠢᠴᠢᠯᠠᠨ ᠴᠢᠰᠤ ᠬᠠᠨᠳᠢᠪᠯᠠᠬᠤ ᠠᠵᠢᠯᠯᠠᠭ᠎ᠠ ᠶᠢ ᠰᠠᠢᠢᠳᠤᠷ ᠦᠷᠨᠢᠭᠦᠯᠬᠦ ᠭᠡᠰᠡᠨ ᠵᠤᠷᠢᠯᠭ᠎ᠠ ᠲᠠᠢ ᠶᠤᠮ》ᠭᠡᠵᠦ ᠪᠠᠢᠢᠪᠠ᠃

    《ᠬᠡᠷᠪᠡ ᠡᠮᠨᠡᠵᠦ ᠪᠠᠢᠢᠬᠤ ᠳᠤ ᠴᠢᠰᠤ ᠳᠤᠲᠠᠬᠳᠠᠪᠠᠯ ᠰᠢᠭᠤᠳ ᠯᠡ ᠡᠮᠴᠢ ᠠᠵᠢᠯᠲᠠᠨ ᠨᠠᠷ ᠡᠴᠡ ᠴᠢᠰᠤ ᠠᠪᠳᠠᠭ᠂ ᠤᠤᠯ ᠨᠢ ᠮᠠᠨ ᠤ ᠡᠨᠳᠡ ᠨᠢᠭᠡ ᠦᠰᠦᠭ ᠰᠢᠪᠡᠳᠡᠭ ᠵᠠᠯᠠᠭᠤ ᠪᠠᠢᠢᠪᠠ᠂ ᠲᠠᠭᠦᠨ ᠤ ᠴᠢᠰᠤᠨ ᠤ ᠬᠡᠯᠪᠡᠷᠢ ᠨᠢ ᠴᠦᠬᠡᠨ ᠲᠤᠬᠢᠶᠠᠯᠳᠤᠳᠠᠬ Rh(Rhesus Macacus) ᠪᠢᠯᠢᠭ᠌ ᠬᠡᠯᠪᠡᠷᠢ ᠶᠢᠨ ᠴᠢᠰᠤ ᠪᠤᠯᠤᠨ᠎ᠠ᠂ ᠲᠡᠢᠢᠮᠦ ᠡᠴᠡ ᠡᠢᠢᠮᠦ ᠬᠡᠯᠪᠡᠷᠢ ᠶᠢᠨ ᠴᠢᠰᠤ ᠶᠡᠭᠦᠯᠡᠬᠦ ᠬᠡᠷᠡᠭᠴᠡᠭᠡ ᠲᠠᠢ ᠪᠤᠯᠤᠬᠰᠠᠭᠠᠷ ᠯᠡ ᠲᠡᠭᠦᠨ ᠢ ᠡᠷᠢᠳᠡᠭ ᠂ ᠮᠠᠨ ᠤ ᠡᠮᠴᠢ ᠠᠵᠢᠯᠲᠠᠳ ᠡᠪᠡᠤᠠᠴᠢᠨ ᠵᠠᠰᠠᠭᠠᠳ ᠶᠠᠭᠠᠷᠠᠤ ᠪᠠᠢᠢᠲᠠᠯ᠎ᠠ ᠪᠠᠨ ᠪᠠᠰᠠ ᠴᠠᠬ ᠮᠦᠴᠡ ᠦᠭᠡᠢ ᠡᠪᠡᠤᠠᠴᠢᠲᠡᠨ ᠳᠤ ᠴᠢᠰᠤ ᠦᠭ᠍ᠭᠦ ᠬᠦᠨᠳᠦ ᠡᠭᠦᠷᠭᠡ ᠶᠢ ᠡᠭᠦᠷᠭᠡᠯᠡᠨ᠎ᠠ᠂ ᠦᠨᠡᠨ ᠠᠮᠠᠷ ᠦᠭᠡᠢ ᠰᠢᠦ 》ᠭᠡᠵᠦ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠳᠡᠳ᠋ ᠱᠦᠵᠢ ᠰᠠᠷᠠᠭᠤᠯ ᠶᠠᠷᠢᠵᠦ ᠪᠠᠢᠢᠯ᠎ᠠ᠃

    ᠦᠪᠦᠷ ᠮᠤᠨᠭᠭᠤᠯ ᠤᠨ ᠴᠢᠰᠤᠨ ᠤ ᠬᠦᠮᠦᠷᠭᠡ ᠨᠢ ᠬᠦᠬᠡᠬᠤᠲᠠ ᠶᠢᠨ ᠵᠢᠨ ᠴᠢᠶᠤᠤ ᠠᠵᠦ ᠠᠬᠤᠢ ᠲᠸᠭ᠍ᠨᠤᠯᠤᠬᠢ ᠶᠢᠨ ᠨᠡᠭᠡᠭᠡᠨ ᠬᠦᠭ᠍ᠵᠢᠭᠦᠯᠬᠦ ᠲᠤᠭᠤᠷᠢᠬ ᠤᠨ ᠱᠢ ᠵᠢᠢ ᠲᠦᠷᠪᠡᠳᠦᠭᠡᠷ ᠵᠠᠮ ᠳᠤ ᠪᠠᠢᠢᠷᠢᠯᠠᠳᠠᠬ᠃ ᠪᠠᠰᠠ ᠬᠦᠬᠡᠬᠤᠲᠠ ᠶᠢᠨ ᠰᠢᠨᠬᠤᠸᠠ ᠲᠠᠯᠠᠪᠠᠢ᠂ ᠬᠠᠢ ᠯᠢᠶᠠᠩ ᠲᠠᠯᠠᠪᠠᠢ ᠵᠡᠷᠭᠡ ᠲᠤᠬᠲᠠᠮᠠᠯ ᠭᠠᠵᠠᠷ ᠲᠤ ᠴᠢᠰᠤ ᠬᠠᠨᠳᠢᠪᠯᠠᠬᠤ ᠲᠡᠷᠭᠡ ᠵᠤᠬᠰᠤᠭᠠᠵᠦ ᠪᠠᠢᠢᠳᠠᠬ᠃ ᠰᠠᠢᠢᠨ ᠲᠤᠷ᠎ᠠ ᠡᠴᠡ ᠪᠠᠨ ᠴᠢᠰᠤ ᠬᠠᠨᠳᠢᠪᠯᠠᠬᠤ ᠬᠦᠮᠦᠰ ᠡᠳᠡᠭᠡᠷ ᠲᠤᠬᠲᠠᠬᠰᠠᠨ ᠭᠠᠵᠠᠷ ᠢᠶᠡᠷ ᠤᠴᠢᠵᠦ ᠴᠢᠰᠤ ᠪᠠᠨ ᠬᠠᠨᠳᠢᠪᠯᠠᠵᠦ ᠪᠤᠯᠤᠨ᠎ᠠ᠃

    ᠤᠳᠤᠬᠠᠨ ᠳᠤ ᠮᠠᠨ ᠤ ᠤᠯᠤᠰ ᠲᠤ ᠴᠢᠰᠤᠨ ᠤ ᠬᠦᠮᠦᠷᠭᠡ ᠬᠤᠭᠤᠰᠤᠲᠠᠵᠦ ᠪᠠᠢᠢᠭ᠎ᠠ ᠪᠠᠢᠢᠳᠠᠯ ᠨᠡᠯᠢᠶᠡᠳ ᠨᠤᠴᠢᠲᠠᠢ ᠪᠠᠢᠳᠠᠬ᠃ ᠤᠯᠤᠰ ᠡᠴᠡ ᠬᠦᠮᠦᠰ ᠤᠨ ᠴᠢᠰᠤ ᠬᠠᠨᠳᠢᠪᠯᠠᠬᠤ ᠶᠢ ᠵᠤᠷᠢᠬᠵᠢᠭᠤᠯᠬᠤ ᠶᠢᠨ ᠲᠦᠯᠦᠭᠡ《 1᠂ ᠴᠢᠰᠤ ᠪᠠᠨ ᠬᠠᠨᠳᠢᠪᠯᠠᠬᠰᠠᠨ ᠬᠦᠮᠦᠨ ᠲᠠᠪᠤᠨ ᠵᠢᠯ ᠤᠨ ᠲᠤᠳᠤᠷ᠎ᠠ ᠬᠡᠷᠡᠭᠴᠡᠭᠡ ᠪᠡᠷ ᠢᠶᠡᠨ ᠲᠦᠯᠦᠪᠦᠷᠢ ᠦᠭᠡᠢ ᠴᠢᠰᠤ ᠶᠡᠭᠦᠯᠡᠵᠦ ᠪᠤᠯᠤᠨ᠎ᠠ᠂ ᠲᠠᠪᠤᠨ ᠵᠢᠯ ᠤᠨ ᠳᠠᠷᠠᠭ᠎ᠠ ᠬᠠᠨᠳᠢᠪᠯᠠᠬᠰᠠᠨ ᠬᠡᠮᠵᠢᠶᠡᠨ ᠤ ᠴᠢᠰᠤ ᠲᠦᠯᠦᠪᠦᠷᠢ ᠦᠭᠡᠢ ᠶᠡᠭᠦᠯᠡᠵᠦ ᠪᠤᠯᠤᠨ᠎ᠠ 2᠂ ᠴᠢᠰᠤ ᠪᠠᠨ ᠬᠠᠨᠳᠢᠪᠯᠠᠬᠰᠠᠨ ᠬᠦᠮᠦᠨ ᠤ ᠬᠠᠨᠢ ᠨᠦᠬᠦᠷ᠂ ᠰᠢᠭᠤᠳ ᠴᠢᠰᠤᠨ ᠲᠦᠷᠦᠯ (ᠠᠪᠤ ᠡᠵᠢ᠂ ᠬᠦᠦ ᠦᠬᠢᠨ) ᠨᠢ ᠲᠠᠪᠤᠨ ᠵᠢᠯ ᠤᠨ ᠲᠤᠲᠤᠷ᠎ᠠ ᠬᠠᠨᠳᠢᠪᠯᠠᠬᠰᠠᠨ ᠬᠡᠮᠵᠢᠶᠡᠨ ᠤ ᠴᠢᠰᠤ ᠲᠦᠯᠦᠪᠦᠷᠢ ᠦᠭᠡᠢ ᠶᠡᠭᠦᠯᠡᠵᠦ ᠪᠤᠯᠤᠨ᠎ᠠ 3᠂ ᠴᠢᠰᠤ ᠪᠠᠨ ᠬᠠᠨᠳᠢᠪᠯᠠᠬᠰᠠᠨ ᠬᠡᠮᠵᠢᠶ᠎ᠡ ᠨᠡᠢᠢᠯᠡᠭᠡᠳ 1000 ᠮᠢᠯᠢᠯᠢᠲ᠋ᠷ ᠢ ᠳᠠᠪᠠᠬᠰᠠᠨ ᠪᠠᠢᠢᠪᠠᠯ ᠲᠤᠰ ᠬᠦᠮᠦᠨ ᠨᠠᠰᠤ ᠪᠡᠷ ᠢᠶᠡᠨ ᠲᠦᠯᠦᠪᠦᠷᠢ ᠦᠭᠡᠢ ᠴᠢᠰᠤ ᠶᠡᠭᠦᠯᠡᠵᠦ ᠪᠤᠯᠤᠨ᠎ᠠ᠂ ᠲᠡᠭᠦᠨ ᠤ ᠬᠠᠨᠢ ᠨᠦᠬᠦᠷ᠂ ᠰᠢᠭᠤᠳ ᠴᠢᠰᠤᠨ ᠲᠦᠷᠦᠯ( ᠠᠪᠤ ᠡᠵᠢ᠂ ᠬᠦᠦ ᠦᠬᠢᠨ) ᠨᠢ ᠨᠠᠰᠤ ᠪᠡᠷ ᠢᠶᠡᠨ ᠬᠠᠨᠳᠢᠪᠯᠠᠬᠰᠠᠨ ᠬᠡᠮᠵᠢᠶᠡᠡ ᠤ ᠴᠢᠰᠤ ᠲᠦᠯᠦᠪᠦᠷᠢ ᠦᠭᠡᠢ ᠶᠡᠭᠦᠯᠡᠵᠦ ᠪᠤᠯᠤᠨ᠎ᠠ》ᠭᠡᠵᠦ ᠲᠤᠬᠲᠠᠭᠠᠬᠰᠠᠨ ᠪᠠᠢᠳᠠᠬ᠃

    ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠡᠮᠴᠢ ᠠᠵᠢᠯᠲᠠᠳ ᠤᠨ ᠦᠪᠡᠷ ᠤᠨ ᠳᠤᠷ᠎ᠠ ᠡᠴᠡ ᠪᠠᠨ ᠴᠢᠰᠤ ᠪᠠᠨ ᠬᠠᠨᠳᠢᠪᠯᠠᠵᠦ᠂ ᠡᠪᠡᠤᠠᠴᠢᠲᠡᠨ ᠢ ᠠᠪᠤᠷᠠᠬᠤ ᠠᠷᠢᠭᠤᠨ ᠳᠠᠷᠬᠠᠨ ᠡᠭᠦᠷᠭᠡ ᠪᠠᠨ ᠤᠶᠤᠨ ᠰᠠᠨᠠᠭᠠᠨ ᠳᠠᠭᠠᠨ ᠰᠢᠩᠭᠡᠵᠦ ᠶᠠᠪᠤᠭ᠎ᠠ᠎ ᠨᠢ ᠬᠡᠨ ᠪᠦᠬᠦᠨ ᠳᠤ ᠪᠢᠰᠢᠷᠡᠭᠦᠰᠢᠲᠡᠢ ᠶᠤᠮ᠃ ᠮᠤᠨᠭᠭᠤᠯ ᠡᠮᠨᠡᠯᠭᠡ ᠶᠢᠨ ᠰᠠᠯᠠᠭᠠᠨ ᠤ ᠡᠷᠬᠢᠯᠡᠭᠴᠢ ᠡᠮᠴᠢ ᠰᠦᠬᠡᠪᠠᠭᠠᠲᠤᠷ ᠮᠠᠨ ᠤ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠨᠡᠢᠢᠲᠡ ᠤᠯᠠᠨ ᠢ ᠬᠠᠢᠢᠷ᠎ᠠ ᠶᠢᠨ ᠭᠠᠷ ᠢᠶᠡᠨ ᠰᠤᠨᠭᠭᠠᠨ᠂ ᠰᠠᠢᠢᠨ ᠳᠤᠷ᠎ᠠ ᠡᠴᠡ ᠪᠠᠨ ᠴᠢᠰᠤ ᠪᠠᠨ ᠬᠠᠨᠳᠢᠪᠯᠠᠬᠤ ᠠᠵᠢᠯᠯᠠᠭ᠎ᠠ ᠳᠤ ᠢᠳᠡᠪᠬᠢᠲᠡᠢ ᠤᠷᠤᠯᠴᠠᠬᠤ ᠶᠢ ᠤᠷᠢᠶᠠᠯᠠᠵᠦ ᠪᠢᠯᠡ᠃

ᠮᠤᠨᠭᠭᠤᠯ ᠡᠮᠨᠡᠯᠭᠡ ᠶᠢᠨ ᠰᠠᠯᠠᠭᠠᠨ ᠤ ᠡᠷᠬᠢᠯᠡᠭᠴᠢ ᠡᠮᠴᠢ ᠰᠦᠬᠡᠪᠠᠭᠠᠲᠤᠷ ᠰᠤᠷᠪᠤᠯᠵᠢᠯᠠᠭ᠎ᠠ ᠬᠦᠯᠢᠶᠡᠵᠦ ᠪᠠᠢᠢᠨ᠎ᠠ

ᠢᠷᠡᠯᠳᠡ᠄ ᠰᠢᠨᠬᠤᠸᠠ ᠮᠤᠨᠭᠭᠤᠯ ᠨᠸᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001117857524